ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨᠠ ᠶᠢᠨ ᠬᠦᠷᠡᠯᠰᠦ᠋ᠬᠡ ᠶᠢᠨ ᠰᠠᠨᠠᠭᠠᠴᠢᠯᠠᠭᠰᠠᠨ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠢ ᠣᠷᠣᠨ ᠨᠤᠲᠤᠭ ᠲᠤ ᠠᠯᠪᠠᠨ ᠶᠣᠰᠣ ᠪᠠᠷ ᠡᠬᠢᠯᠡᠭᠦᠯᠵᠦ᠂ ᠡᠷᠴᠢᠮᠵᠢᠭᠦᠯᠬᠦ ᠵᠣᠷᠢᠯᠭᠠ ᠲᠠᠢ 《ᠬᠦᠨᠡᠰᠦᠨ ᠦ ᠬᠤᠪᠢᠰᠬᠠᠯ》 ᠵᠥᠪᠯᠡᠭᠡᠨ ᠢ 21 ᠠᠶᠢᠮᠠᠭ ᠲᠤ ᠵᠣᠬᠢᠶᠠᠨ ᠪᠠᠶᠢᠭᠤᠯᠤᠯᠠ᠃
ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠰᠠᠶᠢᠳ ᠬᠠ ∙ ᠪᠣᠯᠣᠷᠴᠢᠯᠠᠭᠤᠨ᠂ ᠶᠡᠷᠦᠩᠬᠡᠶᠢᠯᠡᠭᠴᠢ ᠶᠢᠨ ᠦᠢᠯᠡᠳᠪᠦᠷᠢ᠂ ᠦᠢᠯᠡᠴᠢᠯᠡᠭᠡᠨ ᠦ ᠪᠣᠳᠣᠯᠭᠠ ᠶᠢᠨ ᠵᠥᠪᠯᠡᠬᠦ ᠴᠢ ∙ ᠳᠠᠸᠠᠪᠠᠶᠠᠷ᠂ ᠶᠡᠷᠦᠩᠬᠡᠶᠢᠯᠡᠭᠴᠢ ᠶᠢᠨ ᠬᠣᠲᠠ᠂ ᠬᠥᠳᠡᠭᠡ ᠶᠢᠨ ᠬᠥᠭᠵᠢᠯ ᠦᠨ ᠪᠣᠳᠣᠯᠭᠠ ᠶᠢᠨ ᠵᠥᠪᠯᠡᠬᠦ ᠣ᠊ ∙ ᠪᠤᠶᠠᠨᠨᠡᠮᠡᠬᠦ᠂ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭᠠ ᠲ ∙ ᠵᠠᠮᠪᠠᠯᠴᠡᠷᠡᠩ ᠨᠠᠷ ᠢᠢᠠᠷ ᠠᠬᠠᠯᠠᠭᠤᠯᠤᠭᠰᠠᠨ ᠠᠵᠢᠯ ᠤᠨ ᠬᠡᠰᠡᠭ ᠦᠳ 21 ᠠᠶᠢᠮᠠᠭ ᠲᠤ ᠠᠵᠢᠯᠯᠠᠵᠤ ᠤᠯᠤᠰ ᠤᠨ ᠶᠡᠬᠡ ᠬᠤᠷᠠᠯ ᠠᠴᠠ ᠪᠠᠲᠤᠯᠠᠭᠰᠠᠨ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ ᠢ ᠬᠠᠩᠭᠠᠬᠤ ᠲᠠᠯᠠ ᠪᠠᠷ ᠠᠪᠬᠤ ᠵᠠᠷᠢᠮ ᠠᠷᠭᠠ ᠬᠡᠮᠵᠢᠶᠡᠨ ᠦ ᠲᠤᠬᠠᠢ》 36 ᠳᠦᠭᠠᠷ ᠲᠣᠭᠲᠠᠭᠠᠯ ᠤᠨ ᠬᠡᠷᠡᠭᠵᠢᠭᠦᠯᠬᠦ ᠠᠷᠭᠠ ᠵᠠᠮ᠂ ᠮᠥᠨ ᠰᠠᠯᠪᠤᠷᠢ ᠶᠠᠮᠤᠨ ᠠᠴᠠ ᠪᠠᠷᠢᠮᠲᠠᠯᠠᠵᠤ ᠪᠤᠢ ᠪᠣᠳᠣᠯᠭᠠ᠂ ᠵᠣᠷᠢᠯᠲᠠ ᠨᠤᠭᠤᠳ ᠢ ᠣᠷᠣᠨ ᠨᠤᠲᠤᠭ ᠤᠨ ᠵᠠᠰᠠᠭ ᠵᠠᠬᠢᠷᠭᠠ᠂ ᠢᠷᠭᠡᠳ ᠲᠦ ᠲᠠᠨᠢᠯᠴᠠᠭᠤᠯᠤᠯᠠ᠃
ᠣᠷᠣᠨ ᠨᠤᠲᠤᠭ ᠲᠤ ᠵᠣᠬᠢᠶᠠᠨ ᠪᠠᠶᠢᠭᠤᠯᠵᠤ ᠪᠤᠢ ᠲᠤᠰ ᠠᠷᠭᠠ ᠬᠡᠮᠵᠢᠶᠡ ᠶᠢ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭᠠ ᠶᠢᠨ ᠭᠠᠵᠠᠷ᠂ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ᠂ ᠣᠷᠣᠨ ᠨᠤᠲᠤᠭ ᠤᠨ ᠵᠠᠰᠠᠭ ᠳᠠᠷᠤᠭᠠ ᠶᠢᠨ ᠲᠠᠮᠠᠭᠠ ᠶᠢᠨ ᠭᠠᠵᠠᠷ ᠤᠳ᠂ ᠬᠦᠨᠡᠰᠦ᠂ ᠬᠥᠳᠡᠭᠡ ᠠᠵᠤ ᠠᠬᠤᠢ ᠶᠢᠨ ᠭᠠᠵᠠᠷ ᠤᠳ᠂ ᠢᠷᠭᠡᠳ ᠦᠨ ᠲᠥᠯᠥᠭᠡᠯᠡᠭᠴᠢᠳ ᠦᠨ ᠬᠤᠷᠠᠯ ᠬᠠᠮᠲᠤᠷᠠᠨ ᠵᠣᠬᠢᠶᠠᠨ ᠪᠠᠶᠢᠭᠤᠯᠤᠯᠠ᠃
ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠰᠠᠶᠢᠳ ᠬᠠ ∙ ᠪᠣᠯᠣᠷᠴᠢᠯᠠᠭᠤᠨ ᠢᠶᠠᠷ ᠠᠬᠠᠯᠠᠭᠤᠯᠤᠭᠰᠠᠨ ᠠᠵᠢᠯ ᠤᠨ ᠬᠡᠰᠡᠭ ᠵᠡᠭᠦᠨ ᠭᠤᠷᠪᠠᠨ ᠠᠶᠢᠮᠠᠭ ᠲᠤ ᠠᠵᠢᠯᠯᠠᠯᠠ
ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠰᠠᠶᠢᠳ ᠬᠠ ∙ ᠪᠣᠯᠣᠷᠴᠢᠯᠠᠭᠤᠨ ᠢᠶᠠᠷ ᠠᠬᠠᠯᠠᠭᠤᠯᠤᠭᠰᠠᠨ ᠠᠵᠢᠯ ᠤᠨ ᠬᠡᠰᠡᠭ ᠬᠡᠨᠲᠡᠢ᠂ ᠰᠦᠬᠡᠪᠠᠭᠠᠲᠤᠷ᠂ ᠳᠣᠷᠣᠨᠠᠲᠤ ᠠᠶᠢᠮᠠᠭ ᠲᠤ ᠠᠵᠢᠯᠯᠠᠵᠤ᠂ ᠲᠤᠰ ᠠᠶᠢᠮᠠᠭ ᠤᠳ ᠢᠷᠡᠬᠦ 4 ᠵᠢᠯ ᠦᠨ ᠬᠤᠭᠤᠴᠠᠭᠠᠨ ᠳᠤ ᠭᠣᠣᠯ ᠨᠡᠷᠡ ᠶᠢᠨ ᠬᠦᠨᠡᠰᠦᠨ ᠦ ᠪᠦᠲᠦᠭᠡᠭᠳᠡᠬᠦᠨ ᠢ ᠳᠣᠲᠣᠭᠠᠳᠤ ᠶᠢᠨ ᠦᠢᠯᠡᠳᠪᠦᠷᠢᠯᠡᠯ ᠢᠶᠡᠷ 100 ᠬᠤᠪᠢ ᠬᠠᠩᠭᠠᠬᠤ ᠳᠤ ᠣᠷᠣᠨ ᠨᠤᠲᠤᠭ ᠶᠠᠮᠪᠠᠷ ᠣᠷᠣᠯᠴᠠᠭᠠ ᠲᠠᠢ ᠠᠵᠢᠯᠯᠠᠬᠤ ᠶᠢ ᠰᠤᠳᠤᠯᠤᠯᠠ᠃
ᠠᠵᠢᠯ ᠤᠨ ᠬᠡᠰᠡᠭ ᠲᠦ᠄
- ᠤᠯᠤᠰ ᠤᠨ ᠶᠡᠬᠡ ᠬᠤᠷᠠᠯ ᠤᠨ ᠭᠡᠰᠢᠭᠦᠨ᠂ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠰᠠᠶᠢᠳ ᠬᠠ ∙ ᠪᠣᠯᠣᠷᠴᠢᠯᠠᠭᠤᠨ᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠳᠡᠳ᠋ ᠰᠠᠶᠢᠳ ᠮ ∙ ᠭᠠᠨᠭᠬᠦᠯᠦᠭ᠌᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠰᠠᠶᠢᠳ ᠤᠨ ᠵᠥᠪᠯᠡᠬᠦ ᠪ ∙ ᠪᠠᠲᠤᠪᠠᠭᠠᠲᠤᠷ᠂
- ᠵᠠᠰᠠᠭ ᠤᠨ ᠭᠠᠵᠠᠷ ᠤᠨ ᠬᠡᠷᠡᠭᠵᠢᠭᠦᠯᠦᠭᠴᠢ ᠠᠭᠧᠨᠲᠯᠢᠭ ᠵᠢᠵᠢᠭ᠂ ᠳᠤᠮᠳᠠ ᠦᠢᠯᠡᠳᠪᠦᠷᠢ ᠶᠢᠨ ᠭᠠᠵᠠᠷ ᠤᠨ ᠳᠠᠷᠤᠭᠠ ᠶᠠ᠊ ∙ ᠡᠷᠳᠡᠨᠢᠰᠠᠶᠢᠬᠠᠨ᠂
- ᠮᠠᠯ ᠡᠮᠨᠡᠯᠭᠡ ᠶᠢᠨ ᠶᠡᠷᠦᠩᠬᠡᠢ ᠭᠠᠵᠠᠷ ᠤᠨ ᠳᠠᠷᠤᠭᠠ ᠳ ∙ ᠪᠠᠲᠤᠴᠢᠯᠠᠭᠤᠨ᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠭᠠᠵᠠᠷ ᠲᠠᠷᠢᠶᠠᠯᠠᠩ ᠤᠨ ᠪᠣᠳᠣᠯᠭᠠ ᠶᠢᠨ ᠬᠡᠷᠡᠭᠵᠢᠯᠲᠡ ᠶᠢ ᠵᠣᠬᠢᠴᠠᠭᠤᠯᠬᠤ ᠭᠠᠵᠠᠷ ᠤᠨ ᠳᠠᠷᠤᠭᠠ ᠳ ∙ ᠶᠢᠰᠦᠨ-ᠡᠷᠳᠡᠨᠢ᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠬᠦᠨᠡᠰᠦᠨ ᠦ ᠦᠢᠯᠡᠳᠪᠦᠷᠢ ᠶᠢᠨ ᠪᠣᠳᠣᠯᠭᠠ ᠶᠢᠨ ᠬᠡᠷᠡᠭᠵᠢᠯᠲᠡ ᠶᠢ ᠵᠣᠬᠢᠴᠠᠭᠤᠯᠬᠤ ᠭᠠᠵᠠᠷ ᠤᠨ ᠳᠠᠷᠤᠭᠠ ᠳ ∙ ᠳᠣᠪᠣᠴᠢᠨᠰᠦ᠋ᠷᠦᠩ ᠨᠠᠷ ᠤᠨ ᠠᠯᠪᠠᠨ ᠤ ᠬᠦᠮᠦᠰ ᠠᠵᠢᠯᠯᠠᠯᠠ᠃
《ᠬᠦᠨᠡᠰᠦᠨ ᠦ ᠬᠤᠪᠢᠰᠬᠠᠯ 》 ᠳᠦ ᠬᠡᠨᠲᠡᠢ ᠠᠶᠢᠮᠠᠭ ᠮᠠᠩᠯᠠᠶᠢᠯᠠᠨ ᠣᠷᠣᠯᠴᠠᠨᠠ
ᠰᠦᠬᠡᠪᠠᠭᠠᠲᠤᠷ ᠠᠶᠢᠮᠠᠭ 《ᠬᠦᠨᠡᠰᠦᠨ ᠦ ᠬᠤᠪᠢᠰᠬᠠᠯ》 ᠬᠥᠳᠡᠯᠭᠡᠭᠡᠨ ᠳᠦ ᠨᠢᠭᠡᠳᠦᠯ ᠡ
ᠰᠦᠬᠡᠪᠠᠭᠠᠲᠤᠷ ᠠᠶᠢᠮᠠᠭ 《ᠬᠦᠨᠡᠰᠦᠨ ᠦ ᠬᠤᠪᠢᠰᠬᠠᠯ》 ᠬᠥᠳᠡᠯᠭᠡᠭᠡᠨ ᠳᠦ ᠨᠢᠭᠡᠳᠦᠯ ᠡ
ᠤᠯᠤᠰ ᠣᠷᠣᠨ ᠳᠠᠶᠠᠭᠠᠷ 《ᠬᠦᠨᠡᠰᠦᠨ ᠦ ᠬᠤᠪᠢᠰᠬᠠᠯ》 ᠢ ᠡᠷᠴᠢᠮᠲᠡᠢ ᠥᠷᠨᠢᠭᠦᠯᠵᠦ᠂ ᠳᠡᠪᠰᠢᠭᠦᠯᠦᠭᠰᠡᠨ ᠵᠣᠷᠢᠯᠭᠠ ᠵᠣᠷᠢᠯᠲᠠ ᠪᠠᠨ ᠠᠵᠢᠯ ᠬᠡᠷᠡᠭ ᠪᠣᠯᠭᠠᠬᠤ ᠶᠢᠨ ᠲᠥᠯᠥᠭᠡ ᠰᠠᠯᠪᠤᠷᠢ ᠶᠠᠮᠤᠨ ᠠᠴᠠ ᠠᠪᠴᠤ ᠬᠡᠷᠡᠭᠵᠢᠭᠦᠯᠵᠦ ᠪᠠᠶᠢᠭᠠ ᠠᠷᠭᠠ ᠬᠡᠮᠵᠢᠶᠡ᠂ ᠵᠢᠵᠢᠭ᠂ ᠳᠤᠮᠳᠠ ᠦᠢᠯᠡᠳᠪᠦᠷᠢ ᠶᠢᠨ ᠪᠣᠳᠣᠯᠭᠠ᠂ ᠬᠡᠷᠡᠭᠵᠢᠯᠲᠡ᠂ ᠮᠠᠯ ᠡᠮᠨᠡᠯᠭᠡ ᠶᠢᠨ ᠰᠠᠯᠪᠤᠷᠢ ᠶᠢᠨ ᠲᠣᠭᠲᠠᠯᠴᠠᠭᠠ᠂ ᠴᠢᠨᠠᠭᠰᠢᠳᠠ ᠶᠢᠨ ᠴᠢᠭᠯᠡᠯ ᠦᠨ ᠲᠠᠯᠠ ᠪᠠᠷ ᠲᠠᠨᠢᠯᠴᠠᠭᠤᠯᠤᠯᠠ᠃ ᠰᠦᠬᠡᠪᠠᠭᠠᠲᠤᠷ ᠠᠶᠢᠮᠠᠭ ᠤᠨ ᠤᠳᠤᠷᠢᠳᠤᠯᠭᠠ ᠨᠤᠭᠤᠳ᠂ ᠢᠷᠭᠡᠳ᠂ ᠮᠠᠯᠴᠢᠳ᠂ ᠬᠥᠳᠡᠭᠡ ᠠᠵᠤ ᠠᠬᠤᠢ ᠶᠢᠨ ᠮᠡᠷᠭᠡᠵᠢᠯᠲᠡᠨ ᠨᠦᠭᠦᠳ ᠨᠡᠭᠡᠭᠡᠯᠲᠡ ᠶᠢᠨ ᠦᠢᠯᠡ ᠠᠵᠢᠯᠯᠠᠭᠠᠨ ᠳᠤ ᠢᠳᠡᠪᠬᠢ ᠰᠠᠨᠠᠭᠠᠴᠢᠯᠭᠠ ᠲᠠᠢ ᠣᠷᠣᠯᠴᠠᠵᠤ᠂ 《ᠬᠦᠨᠡᠰᠦᠨ ᠦ ᠬᠤᠪᠢᠰᠬᠠᠯ》 ᠳᠦ ᠨᠢᠭᠡᠳᠴᠦ ᠬᠢᠴᠢᠶᠡᠯ ᠵᠢᠳᠬᠦᠯ ᠢᠶᠡᠨ ᠭᠠᠷᠭᠠᠨ᠂ ᠬᠠᠮᠲᠤᠷᠠᠨ ᠠᠵᠢᠯᠯᠠᠬᠤ ᠪᠠᠨ ᠢᠯᠡᠷᠬᠡᠶᠢᠯᠡᠯᠡ᠃
ᠨᠠᠷᠠᠨ ᠤᠷᠭᠤᠬᠤ ᠨᠤᠲᠤᠭ ᠳᠣᠷᠣᠨᠠᠲᠤ ᠠᠶᠢᠮᠠᠭ ᠲᠤ 《ᠬᠦᠨᠡᠰᠦᠨ ᠦ ᠬᠤᠪᠢᠰᠬᠠᠯ》 ᠢ ᠡᠬᠢᠯᠡᠭᠦᠯᠦᠯᠡ
ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠭᠠᠴᠢᠯᠠᠭᠰᠠᠨ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠢ ᠮᠣᠩᠭᠣᠯ ᠣᠷᠣᠨ ᠤ ᠵᠡᠭᠦᠨ ᠬᠢᠵᠠᠭᠠᠷ ᠳᠣᠷᠣᠨᠠᠲᠤ ᠠᠶᠢᠮᠠᠭ ᠠᠯᠪᠠᠨ ᠶᠣᠰᠣ ᠪᠠᠷ ᠡᠬᠢᠯᠡᠭᠦᠯᠦᠯᠡ᠃ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠰᠠᠶᠢᠳ ᠬᠠ ∙ ᠪᠣᠯᠣᠷᠴᠢᠯᠠᠭᠤᠨ ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ ᠢ ᠬᠠᠩᠭᠠᠬᠤ ᠲᠠᠯᠠ ᠪᠠᠷ ᠠᠪᠬᠤ ᠵᠠᠷᠢᠮ ᠠᠷᠭᠠ ᠬᠡᠮᠵᠢᠶᠡᠨ ᠦ ᠲᠤᠬᠠᠢ ᠢᠯᠡᠳᠬᠡᠯ ᠲᠠᠨᠢᠯᠴᠠᠭᠤᠯᠪᠠ᠃ ᠲᠤᠰ ᠠᠷᠭᠠ ᠬᠡᠮᠵᠢᠶᠡᠨ ᠳᠦ ᠳᠣᠷᠣᠨᠠᠲᠤ ᠠᠶᠢᠮᠠᠭ ᠤᠨ ᠤᠳᠤᠷᠢᠳᠤᠯᠭᠠ ᠨᠤᠭᠤᠳ᠂ ᠢᠷᠭᠡᠳ᠂ ᠮᠠᠯᠴᠢᠳ᠂ ᠦᠢᠯᠡᠳᠪᠦᠷᠢᠯᠡᠯ ᠡᠷᠬᠢᠯᠡᠭᠴᠢᠳ᠂ ᠬᠥᠳᠡᠭᠡ ᠠᠵᠤ ᠠᠬᠤᠢ ᠶᠢᠨ ᠰᠠᠯᠪᠤᠷᠢ ᠶᠢᠨ ᠮᠡᠷᠭᠡᠵᠢᠯᠲᠡᠨ ᠨᠦᠭᠦᠳ ᠢᠳᠡᠪᠬᠢ᠂ ᠰᠠᠨᠠᠭᠠᠴᠢᠯᠭᠠ ᠲᠠᠢ ᠣᠷᠣᠯᠴᠠᠵᠤ᠂ ᠥᠪᠡᠷᠰᠡᠳ ᠦᠨ ᠰᠠᠨᠠᠯ ᠬᠦᠰᠡᠯᠲᠡ ᠪᠡᠨ ᠢᠯᠡᠷᠬᠡᠶᠢᠯᠡᠭᠰᠡᠨ ᠶᠤᠮ᠃
ᠶᠡᠷᠦᠩᠬᠡᠶᠢᠯᠡᠭᠴᠢ ᠶᠢᠨ ᠦᠢᠯᠡᠳᠪᠦᠷᠢ᠂ ᠦᠢᠯᠡᠴᠢᠯᠡᠭᠡᠨ ᠦ ᠪᠣᠳᠣᠯᠭᠠ ᠶᠢᠨ ᠵᠥᠪᠯᠡᠬᠦ ᠴᠢ ∙ ᠳᠠᠸᠠᠪᠠᠶᠠᠷ ᠢᠶᠠᠷ ᠠᠬᠠᠯᠠᠭᠤᠯᠤᠭᠰᠠᠨ ᠠᠵᠢᠯ ᠤᠨ ᠬᠡᠰᠡᠭ ᠲᠥᠪ ᠦᠨ ᠪᠣᠯᠤᠨ ᠪᠠᠷᠠᠭᠤᠨ ᠪᠥᠰᠡ᠂ ᠭᠣᠪᠢ ᠶᠢᠨ ᠪᠥᠰᠡ ᠶᠢᠨ ᠠᠶᠢᠮᠠᠭ ᠤᠳ ᠲᠤ ᠠᠵᠢᠯᠯᠠᠯᠠ
ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠦᠢᠯᠡᠳᠪᠦᠷᠢ᠂ ᠦᠢᠯᠡᠴᠢᠯᠡᠭᠡᠨ ᠦ ᠪᠣᠳᠣᠯᠭᠠ ᠶᠢᠨ ᠵᠥᠪᠯᠡᠬᠦ ᠴᠢ ∙ ᠳᠠᠸᠠᠪᠠᠶᠠᠷ ᠢᠶᠠᠷ ᠠᠬᠠᠯᠠᠭᠤᠯᠤᠭᠰᠠᠨ ᠠᠵᠢᠯ ᠤᠨ ᠬᠡᠰᠡᠭ ᠦᠳ ᠬᠥᠪᠰᠥᠭᠥᠯ᠂ ᠪᠤᠯᠠᠭᠠᠨ᠂ ᠣᠷᠬᠣᠨ᠂ ᠰᠡᠯᠡᠩᠭᠡ᠂ ᠳᠠᠷᠬᠠᠨ᠂ ᠬᠣᠪᠳᠣ᠂ ᠪᠠᠶᠠᠨᠬᠣᠩᠭᠣᠷ᠂ ᠭᠣᠪᠢ-ᠠᠯᠲᠠᠢ᠂ ᠭᠣᠪᠢᠰᠦᠮᠪᠦᠷ᠂ ᠳᠣᠷᠣᠨᠠᠭᠣᠪᠢ ᠠᠶᠢᠮᠠᠭ ᠤᠳ ᠲᠤ ᠠᠵᠢᠯᠯᠠᠵᠤ᠂ ᠬᠦᠨᠡᠰᠦᠨ ᠦ ᠬᠤᠪᠢᠰᠬᠠᠯ ᠤᠨ ᠰᠠᠯᠬᠢ ᠶᠢ ᠣᠷᠣᠨ ᠨᠤᠲᠤᠭ ᠲᠤ ᠰᠡᠪᠢᠯᠵᠡᠭᠦᠯᠦᠯᠡ᠃
ᠲᠥᠪ ᠦᠨ ᠪᠥᠰᠡ ᠶᠢᠨ ᠠᠵᠢᠯ ᠤᠨ ᠬᠡᠰᠡᠭ ᠲᠦ᠄
- ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠦᠢᠯᠡᠳᠪᠦᠷᠢ᠂ ᠦᠢᠯᠡᠴᠢᠯᠡᠭᠡᠨ ᠦ ᠪᠣᠳᠣᠯᠭᠠ ᠶᠢᠨ ᠵᠥᠪᠯᠡᠬᠦ ᠴᠢ ∙ ᠳᠠᠸᠠᠪᠠᠶᠠᠷ᠂
- ᠶᠡᠷᠦᠩᠬᠡᠶᠢᠯᠡᠭᠴᠢ ᠶᠢᠨ ᠲᠠᠮᠠᠭᠠ ᠶᠢᠨ ᠭᠠᠵᠠᠷ ᠤᠨ ᠬᠦᠨᠡᠰᠦᠨ ᠦ ᠲᠥᠰᠥᠯ ᠬᠥᠲᠥᠯᠪᠦᠷᠢ ᠬᠠᠷᠢᠭᠤᠴᠠᠭᠰᠠᠨ ᠮᠡᠷᠭᠡᠵᠢᠯᠲᠡᠨ ᠠ᠊ ∙ ᠠᠮᠤᠷᠵᠢᠷᠭᠠᠯ᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠬᠦᠨᠡᠰᠦᠨ ᠦ ᠦᠢᠯᠡᠳᠪᠦᠷᠢᠯᠡᠯ ᠦᠨ ᠪᠣᠳᠣᠯᠭᠠ ᠬᠡᠷᠡᠭᠵᠢᠯᠲᠡ ᠶᠢ ᠵᠣᠬᠢᠴᠠᠭᠤᠯᠬᠤ ᠭᠠᠵᠠᠷ ᠤᠨ ᠳᠠᠷᠤᠭᠠ ᠳ ∙ ᠳᠣᠪᠣᠴᠢᠨᠰᠦ᠋ᠷᠦᠩ᠂
- ᠡᠳ᠋ ᠦᠨ ᠵᠠᠰᠠᠭ ᠤᠨ ᠬᠥᠭᠵᠢᠯ ᠦᠨ ᠶᠠᠮᠤᠨ ᠤ ᠪᠥᠰᠡ ᠨᠤᠲᠤᠭ᠂ ᠠᠵᠤ ᠦᠢᠯᠡᠳᠪᠦᠷᠢ ᠶᠢᠨ ᠪᠣᠳᠣᠯᠭᠠ ᠶᠢᠨ ᠭᠠᠵᠠᠷ ᠤᠨ ᠳᠠᠷᠤᠭᠠ ᠳ ∙ ᠡᠷᠳᠡᠨᠢᠪᠠᠶᠠᠷ᠂
- ᠵᠢᠭᠡᠯᠡ ᠶᠢᠨ ᠪᠠᠲᠤᠯᠠᠨ ᠳᠠᠭᠠᠭᠠᠯᠲᠠ ᠶᠢᠨ ᠰᠠᠩ ᠤᠨ ᠪᠠᠲᠤᠯᠠᠨ ᠳᠠᠭᠠᠭᠠᠯᠲᠠ ᠶᠢᠨ ᠭᠠᠵᠠᠷ ᠤᠨ ᠳᠠᠷᠤᠭᠠ ᠠ᠊ ∙ ᠠᠮᠤᠷᠵᠢᠷᠭᠠᠯ ᠨᠠᠷ ᠤᠨ ᠠᠯᠪᠠᠨ ᠤ ᠬᠦᠮᠦᠰ ᠠᠵᠢᠯᠯᠠᠯᠠ᠃
ᠪᠠᠷᠠᠭᠤᠨ ᠪᠥᠰᠡ ᠶᠢᠨ ᠠᠵᠢᠯ ᠤᠨ ᠬᠡᠰᠡᠭ ᠲᠦ᠄
- ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠦᠢᠯᠡᠳᠪᠦᠷᠢ᠂ ᠦᠢᠯᠡᠴᠢᠯᠡᠭᠡᠨ ᠦ ᠪᠣᠳᠣᠯᠭᠠ ᠶᠢᠨ ᠵᠥᠪᠯᠡᠬᠦ ᠴᠢ ∙ ᠳᠠᠸᠠᠪᠠᠶᠠᠷ᠂
- ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠡᠳ᠋ ᠦᠨ ᠵᠠᠰᠠᠭ ᠤᠨ ᠪᠣᠳᠣᠯᠭᠠ ᠶᠢᠨ ᠵᠥᠪᠯᠡᠬᠦ ᠪ ∙ ᠳᠠᠸᠠᠳᠠᠯᠠᠢ᠂
- ᠦᠨᠳᠦᠰᠦᠨ ᠦ ᠠᠶᠤᠯ ᠦᠭᠡᠢ ᠪᠠᠶᠢᠳᠠᠯ ᠤᠨ ᠵᠥᠪᠯᠡᠯ ᠦᠨ ᠠᠵᠢᠯ ᠤᠨ ᠠᠯᠪᠠᠨ ᠤ ᠬᠡᠯᠲᠡᠰ ᠦᠨ ᠳᠠᠷᠤᠭᠠ ᠳ ∙ ᠡᠩᠬᠡᠮᠠ᠂
- ᠶᠡᠷᠦᠩᠬᠡᠶᠢᠯᠡᠭᠴᠢ ᠶᠢᠨ ᠲᠠᠮᠠᠭᠠ ᠶᠢᠨ ᠭᠠᠵᠠᠷ ᠤᠨ ᠬᠦᠨᠡᠰᠦᠨ ᠦ ᠲᠥᠰᠥᠯ ᠬᠥᠲᠥᠯᠪᠦᠷᠢ ᠬᠠᠷᠢᠭᠤᠴᠠᠭᠰᠠᠨ ᠮᠡᠷᠭᠡᠵᠢᠯᠲᠡᠨ ᠠ᠊ ∙ ᠠᠮᠤᠷᠵᠢᠷᠭᠠᠯ᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠬᠤᠳᠠᠯᠳᠤᠭᠠ᠂ ᠬᠣᠭᠣᠯᠠ ᠦᠢᠯᠡᠳᠪᠦᠷᠢᠯᠡᠯ᠂ ᠦᠢᠯᠡᠴᠢᠯᠡᠭᠡᠨ ᠦ ᠬᠡᠯᠲᠡᠰ ᠦᠨ ᠳᠠᠷᠤᠭᠠ ᠣ᠊ ∙ ᠣᠨᠣᠨ ᠨᠠᠷ ᠤᠨ ᠪᠦᠷᠢᠯᠳᠦᠬᠦᠨ ᠲᠡᠢ ᠠᠯᠪᠠᠨ ᠤ ᠬᠦᠮᠦᠰ ᠠᠵᠢᠯᠯᠠᠯᠠ᠃
ᠭᠣᠪᠢ ᠶᠢᠨ ᠪᠥᠰᠡ ᠶᠢᠨ ᠠᠵᠢᠯ ᠤᠨ ᠬᠡᠰᠡᠭ ᠲᠦ᠄
- ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠦᠢᠯᠡᠳᠪᠦᠷᠢ᠂ ᠦᠢᠯᠡᠴᠢᠯᠡᠭᠡᠨ ᠦ ᠪᠣᠳᠣᠯᠭᠠ ᠶᠢᠨ ᠵᠥᠪᠯᠡᠬᠦ ᠴᠢ ∙ ᠳᠠᠸᠠᠪᠠᠶᠠᠷ᠂
- ᠶᠡᠷᠦᠩᠬᠡᠶᠢᠯᠡᠭᠴᠢ ᠶᠢᠨ ᠲᠠᠮᠠᠭᠠ ᠶᠢᠨ ᠭᠠᠵᠠᠷ ᠤᠨ ᠬᠦᠨᠡᠰᠦᠨ ᠦ ᠲᠥᠰᠥᠯ᠂ ᠬᠥᠲᠥᠯᠪᠦᠷᠢ ᠬᠠᠷᠢᠭᠤᠴᠠᠭᠰᠠᠨ ᠠᠯᠪᠠᠨ ᠤ ᠬᠦᠨᠡᠰᠦᠨ ᠦ ᠮᠡᠷᠭᠡᠵᠢᠯᠲᠡᠨ ᠠ᠊ ∙ ᠠᠮᠤᠷᠵᠢᠷᠭᠠᠯ᠂
- ᠡᠳ᠋ ᠦᠨ ᠵᠠᠰᠠᠭ ᠤᠨ ᠬᠥᠭᠵᠢᠯ ᠦᠨ ᠶᠠᠮᠤᠨ ᠤ ᠬᠥᠭᠵᠢᠯ ᠦᠨ ᠰᠤᠳᠤᠯᠭᠠᠨ ᠤ ᠭᠠᠵᠠᠷ ᠤᠨ ᠳᠠᠷᠤᠭᠠ ᠯ ∙ ᠡᠷᠳᠡᠨᠢᠪᠠᠶᠠᠷ
- ᠶᠡᠷᠦᠩᠬᠡᠶᠢᠯᠡᠭᠴᠢ ᠶᠢᠨ ᠲᠠᠮᠠᠭᠠ ᠶᠢᠨ ᠭᠠᠵᠠᠷ ᠤᠨ ᠬᠦᠨᠡᠰᠦᠨ ᠦ ᠲᠥᠰᠥᠯ᠂ ᠬᠥᠲᠥᠯᠪᠦᠷᠢ ᠬᠠᠷᠢᠭᠤᠴᠠᠭᠰᠠᠨ ᠠᠯᠪᠠᠨ ᠤ ᠭᠠᠳᠠᠭᠠᠳᠤ ᠬᠠᠷᠢᠯᠴᠠᠭᠠᠨ ᠤ ᠮᠡᠷᠭᠡᠵᠢᠯᠲᠡᠨ ᠷᠠ ∙ ᠷᠠ᠂ ᠪᠤᠳᠠᠮᠠ ᠨᠠᠷ ᠤᠨ ᠠᠯᠪᠠᠨ ᠤ ᠬᠦᠮᠦᠰ ᠠᠵᠢᠯᠯᠠᠯᠠ᠃
ᠬᠦᠨᠡᠰᠦᠨ ᠦ ᠬᠤᠪᠢᠰᠬᠠᠯ ᠡᠬᠡ ᠣᠷᠣᠨ ᠤ ᠬᠣᠶᠢᠮᠣᠷ ᠨᠤᠲᠤᠭ ᠬᠥᠪᠰᠥᠭᠥᠯ ᠠᠶᠢᠮᠠᠭ ᠠᠴᠠ ᠡᠬᠢᠯᠡᠯᠡ
ᠬᠥᠪᠰᠥᠭᠥᠯ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ᠂ ᠵᠠᠰᠠᠭ ᠳᠠᠷᠤᠭᠠ ᠶᠢᠨ ᠲᠠᠮᠠᠭᠠ ᠶᠢᠨ ᠭᠠᠵᠠᠷ᠂ 22 ᠰᠤᠮᠤ᠂ 1 ᠲᠣᠰᠬᠣᠨ ᠤ ᠵᠠᠰᠠᠭ ᠳᠠᠷᠤᠭᠠ ᠪᠣᠯᠤᠨ ᠠᠵᠤ ᠠᠬᠤᠢ ᠨᠢᠭᠡᠴᠡ ᠶᠢᠨ 10 ᠭᠠᠷᠤᠢ ᠲᠥᠯᠥᠭᠡᠯᠡᠯ᠂ 128 ᠪᠠᠭ ᠤᠨ 180 ᠭᠠᠷᠤᠢ ᠢᠷᠭᠡᠨ ᠳᠦ ᠦᠨᠳᠦᠰᠦᠨ ᠦ ᠬᠥᠳᠡᠯᠭᠡᠭᠡᠨ ᠦ ᠵᠣᠷᠢᠯᠭᠠ᠂ ᠬᠦᠯᠢᠶᠡᠭᠳᠡᠵᠦ ᠪᠤᠢ ᠦᠷᠡ ᠳ᠋ᠦᠩ᠂ ᠬᠡᠷᠡᠭᠵᠢᠭᠦᠯᠬᠦ ᠠᠷᠭᠠ ᠬᠡᠮᠵᠢᠶᠡ ᠶᠢ ᠲᠠᠨᠢᠯᠴᠠᠭᠤᠯᠵᠤ᠂ ᠤᠯᠤᠰ ᠤᠨ ᠶᠡᠬᠡ ᠬᠤᠷᠠᠯ ᠠᠴᠠ ᠪᠠᠲᠤᠯᠠᠭᠰᠠᠨ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ ᠢ ᠬᠠᠩᠭᠠᠬᠤ ᠲᠠᠯᠠ ᠪᠠᠷ ᠠᠪᠬᠤ ᠵᠠᠷᠢᠮ ᠠᠷᠭᠠ ᠬᠡᠮᠵᠢᠶᠡᠨ ᠦ ᠲᠤᠬᠠᠢ》 36 ᠳᠦᠭᠠᠷ ᠲᠣᠭᠲᠠᠭᠠᠯ ᠤᠨ ᠬᠡᠷᠡᠭᠵᠢᠭᠦᠯᠬᠦ ᠠᠷᠭᠠ ᠵᠠᠮ᠂ ᠢᠷᠭᠡᠳ ᠦᠨ ᠣᠷᠣᠯᠴᠠᠭᠠ᠂ ᠰᠠᠨᠠᠯ᠂ ᠰᠡᠳᠬᠢᠭᠳᠡᠯ ᠢ ᠰᠣᠨᠣᠰᠴᠤ᠂ ᠬᠡᠯᠡᠯᠴᠡᠭᠦᠯᠭᠡ ᠥᠷᠨᠢᠭᠦᠯᠦᠯᠡ. ᠬᠥᠪᠰᠥᠭᠥᠯ ᠠᠶᠢᠮᠠᠭ ᠬᠦᠨᠡᠰᠦ᠂ ᠬᠥᠳᠡᠭᠡ ᠠᠵᠤ ᠠᠬᠤᠢ ᠶᠢᠨ ᠰᠠᠯᠪᠤᠷᠢ ᠶᠢᠨ ᠦᠢᠯᠡ ᠠᠵᠢᠯᠯᠠᠭᠠ ᠶᠢ ᠢᠯᠡᠭᠦᠦ ᠡᠷᠴᠢᠮᠵᠢᠭᠦᠯᠵᠦ᠂ ᠬᠦᠨᠡᠰᠦ ᠦᠢᠯᠡᠳᠪᠦᠷᠢᠯᠡᠭᠴᠢᠳ᠂ ᠢᠷᠭᠡᠳ ᠦᠨ ᠣᠷᠣᠯᠴᠠᠭᠠ ᠶᠢ ᠨᠡᠮᠡᠭᠳᠡᠭᠦᠯᠬᠦ ᠳᠦ ᠠᠩᠬᠠᠷᠤᠨᠠ ᠭᠡᠳᠡᠭ ᠢᠶᠡᠨ ᠲᠤᠰ ᠠᠶᠢᠮᠠᠭ ᠤᠨ ᠤᠳᠤᠷᠢᠳᠤᠯᠭᠠ ᠨᠤᠭᠤᠳ ᠢᠯᠡᠷᠬᠡᠶᠢᠯᠡᠯᠡ᠃
ᠠᠩᠬᠠᠳᠠᠭᠴᠢᠳ ᠤᠨ ᠥᠯᠥᠭᠡᠢ ᠨᠤᠲᠤᠭ ᠪᠤᠯᠠᠭᠠᠨ ᠠᠶᠢᠮᠠᠭ
ᠪᠤᠯᠠᠭᠠᠨ ᠠᠶᠢᠮᠠᠭ ᠮᠢᠬᠠ᠂ ᠰᠦ᠋ᠨ᠂ ᠲᠥᠮᠦᠰᠦᠨ ᠦ ᠬᠡᠷᠡᠭᠴᠡᠭᠡ ᠶᠢ ᠪᠦᠷᠢᠨ᠂ ᠬᠦᠨᠡᠰᠦᠨ ᠦ ᠨᠣᠭᠣᠭᠠᠨ ᠤ ᠬᠡᠷᠡᠭᠴᠡᠭᠡ ᠶᠢ 26᠂6 ᠬᠤᠪᠢ ᠪᠠᠷ ᠣᠷᠣᠨ ᠨᠤᠲᠤᠭ ᠤᠨ ᠦᠢᠯᠡᠳᠪᠦᠷᠢᠯᠡᠯ ᠢᠶᠡᠷ ᠬᠠᠩᠭᠠᠵᠤ ᠪᠠᠶᠢᠨᠠ᠃ ᠲᠤᠰ ᠠᠶᠢᠮᠠᠭ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠢᠶᠡᠷ ᠤᠯᠤᠰ ᠲᠤ ᠡᠬᠢᠨ ᠦ ᠭᠤᠷᠪᠠ ᠳᠤ ᠪᠠᠭᠲᠠᠳᠠᠭ ᠪᠥᠭᠡᠳ ᠰᠡᠭᠦᠯ ᠦᠨ ᠲᠠᠪᠤᠨ ᠵᠢᠯ ᠦᠨ ᠳᠤᠮᠳᠠᠵᠢ ᠪᠠᠷ ᠤᠯᠤᠰ ᠤᠨ ᠬᠡᠮᠵᠢᠶᠡᠨ ᠦ ᠬᠤᠷᠢᠶᠠᠭᠰᠠᠨ ᠦᠷᠡ ᠲᠠᠷᠢᠶᠠᠨ ᠤ 10᠂9᠂ ᠲᠥᠮᠦᠰᠦᠨ ᠦ 1᠂2᠂ ᠬᠦᠨᠡᠰᠦᠨ ᠦ ᠨᠣᠭᠣᠭᠠᠨ ᠤ 0᠂8 ᠬᠤᠪᠢ ᠢ ᠠᠪᠴᠤ᠂ ᠬᠦᠮᠦᠨ ᠠᠮᠠ ᠶᠢ ᠰᠲ᠋ᠷᠠᠲ᠋ᠧᠭᠢ ᠶᠢᠨ ᠬᠦᠨᠡᠰᠦ ᠪᠡᠷ ᠬᠠᠩᠭᠠᠬᠤ ᠳᠤ ᠬᠤᠪᠢ ᠨᠡᠮᠡᠷᠢ ᠣᠷᠣᠭᠤᠯᠤᠭᠰᠠᠨ ᠪᠠᠶᠢᠨᠠ᠃ ᠠᠶᠢᠮᠠᠭ ᠤᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ 57᠂3 ᠬᠤᠪᠢ ᠢ ᠬᠥᠳᠡᠭᠡ ᠠᠵᠤ ᠠᠬᠤᠢ ᠶᠢᠨ ᠰᠠᠯᠪᠤᠷᠢ ᠦᠢᠯᠡᠳᠪᠦᠷᠢᠯᠡᠳᠡᠭ᠌ ᠪᠥᠭᠡᠳ ᠲᠡᠭᠦᠨ ᠦ 62᠂4 ᠬᠤᠪᠢ ᠮᠠᠯ ᠠᠵᠤ ᠠᠬᠤᠢ ᠶᠢᠨ ᠰᠠᠯᠪᠤᠷᠢ ᠲᠤ ᠨᠣᠭᠳᠠᠳᠠᠭ᠃ ᠮᠠᠯ ᠠᠬᠤᠢ ᠶᠢᠨ ᠰᠠᠯᠪᠤᠷᠢ ᠵᠢᠯ ᠳᠦ ᠳᠤᠮᠳᠠᠵᠢ ᠪᠠᠷ 1-1᠂2 ᠰᠠᠶᠠ ᠲᠣᠯᠣᠭᠠᠢ ᠮᠠᠯ ᠵᠠᠬᠠ ᠵᠡᠭᠡᠯᠢ ᠳᠦ ᠪᠣᠷᠣᠯᠠᠭᠤᠯᠵᠤ᠂ 55᠂3 ᠮᠢᠩᠭᠠᠨ ᠲᠣᠨᠨ ᠮᠢᠬᠠ᠂ 41᠂2 ᠰᠠᠶᠠ ᠯᠢᠲ᠋ᠷ ᠰᠦ᠋ᠨ ᠨᠡᠶᠢᠯᠡᠭᠦᠯᠳᠡᠭ᠌ ᠪᠠᠶᠢᠨᠠ᠃ ᠬᠦᠨᠡᠰᠦᠨ ᠦ ᠦᠢᠯᠡᠳᠪᠦᠷᠢ᠂ ᠦᠢᠯᠡᠴᠢᠯᠡᠭᠡ ᠶᠢ ᠬᠥᠭᠵᠢᠭᠦᠯᠬᠦ ᠳᠦ ᠰᠲ᠋ᠷᠠᠲ᠋ᠧᠭᠢ ᠶᠢᠨ ᠴᠢᠬᠤᠯᠠ ᠠᠴᠢ ᠬᠣᠯᠪᠣᠭᠳᠠᠯ ᠲᠠᠢ ᠲᠤᠰ ᠠᠶᠢᠮᠠᠭ ᠤᠨ ᠤᠳᠤᠷᠢᠳᠤᠯᠭᠠ ᠨᠤᠭᠤᠳ ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨᠠ ᠶᠢᠨ ᠬᠦᠷᠡᠯᠰᠦ᠋ᠬᠡ ᠶᠢᠨ ᠰᠠᠨᠠᠭᠠᠴᠢᠯᠠᠭᠰᠠᠨ ᠦᠨᠳᠦᠰᠦᠨ ᠦ ᠬᠥᠳᠡᠯᠭᠡᠭᠡᠨ ᠨᠦᠭᠦᠳ ᠢ ᠲᠤᠭᠤᠰᠢᠲᠠᠢ ᠳᠡᠮᠵᠢᠵᠦ᠂ ᠣᠷᠣᠨ ᠨᠤᠲᠤᠭ ᠲᠤ ᠪᠠᠨ ᠦᠷᠡ ᠳ᠋ᠦᠩ ᠲᠡᠢ ᠬᠡᠷᠡᠭᠵᠢᠭᠦᠯᠵᠦ ᠠᠵᠢᠯᠯᠠᠨᠠ ᠭᠡᠳᠡᠭ ᠢᠶᠡᠨ ᠢᠯᠡᠷᠬᠡᠶᠢᠯᠡᠭᠰᠡᠨ ᠶᠤᠮ᠃
ᠣᠷᠬᠣᠨ ᠠᠶᠢᠮᠠᠭ ᠮᠣᠳᠣ ᠪᠠᠨ ᠴᠤ ᠲᠠᠷᠢᠨᠠ᠂ ᠬᠦᠨᠡᠰᠦ ᠪᠡᠨ ᠴᠤ ᠦᠢᠯᠡᠳᠪᠦᠷᠢᠯᠡᠨᠡ
ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨᠠ ᠶᠢᠨ ᠬᠦᠷᠡᠯᠰᠦ᠋ᠬᠡ ᠶᠢᠨ ᠰᠠᠨᠠᠭᠠᠴᠢᠯᠠᠭᠰᠠᠨ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠦ ᠨᠡᠭᠡᠭᠡᠯᠲᠡ ᠶᠢᠨ ᠠᠷᠭᠠ ᠬᠡᠮᠵᠢᠶᠡᠨ ᠳᠦ ᠣᠷᠬᠣᠨ ᠠᠶᠢᠮᠠᠭ ᠤᠨ ᠨᠤᠲᠤᠭ ᠤᠨ ᠤᠳᠤᠷᠢᠳᠤᠯᠭᠠ ᠨᠤᠭᠤᠳ᠂ ᠲᠥᠷᠥ ᠶᠢᠨ ᠠᠯᠪᠠᠨ ᠤ ᠬᠢᠨ᠂ ᠬᠦᠨᠡᠰᠦ ᠦᠢᠯᠡᠳᠪᠦᠷᠢᠯᠡᠭᠴᠢᠳ ᠡᠴᠡ ᠪᠦᠷᠢᠳᠦᠭᠰᠡᠨ ᠲᠥᠯᠥᠭᠡᠯᠡᠭᠴᠢᠳ ᠣᠷᠣᠯᠴᠠᠯᠠ᠃ ᠵᠥᠪᠯᠡᠭᠡᠨ ᠢᠶᠡᠷ ᠦᠨᠳᠦᠰᠦᠨ ᠦ ᠬᠥᠳᠡᠯᠭᠡᠭᠡᠨ ᠦ ᠵᠣᠷᠢᠯᠭᠠ᠂ ᠬᠦᠯᠢᠶᠡᠭᠳᠡᠵᠦ ᠪᠤᠢ ᠦᠷᠡ ᠳ᠋ᠦᠩ᠂ ᠬᠡᠷᠡᠭᠵᠢᠭᠦᠯᠬᠦ ᠠᠷᠭᠠ ᠬᠡᠮᠵᠢᠶᠡ ᠶᠢ ᠲᠠᠨᠢᠯᠴᠠᠭᠤᠯᠵᠤ᠂ ᠤᠯᠤᠰ ᠤᠨ ᠶᠡᠬᠡ ᠬᠤᠷᠠᠯ ᠠᠴᠠ ᠪᠠᠲᠤᠯᠠᠭᠰᠠᠨ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ ᠢ ᠬᠠᠩᠭᠠᠬᠤ ᠲᠠᠯᠠ ᠪᠠᠷ ᠠᠪᠬᠤ ᠵᠠᠷᠢᠮ ᠠᠷᠭᠠ ᠬᠡᠮᠵᠢᠶᠡᠨ ᠦ ᠲᠤᠬᠠᠢ》 36 ᠳᠦᠭᠠᠷ ᠲᠣᠭᠲᠠᠭᠠᠯ ᠤᠨ ᠬᠡᠷᠡᠭᠵᠢᠭᠦᠯᠬᠦ ᠠᠷᠭᠠ ᠵᠠᠮ᠂ ᠢᠷᠭᠡᠳ ᠦᠨ ᠣᠷᠣᠯᠴᠠᠭᠠ᠂ ᠰᠠᠨᠠᠯ᠂ ᠰᠡᠳᠬᠢᠭᠳᠡᠯ ᠢ ᠰᠣᠨᠣᠰᠴᠤ᠂ ᠬᠡᠯᠡᠯᠴᠡᠭᠦᠯᠭᠡ ᠥᠷᠨᠢᠭᠦᠯᠦᠯᠡ᠃ ᠣᠷᠬᠣᠨ ᠠᠶᠢᠮᠠᠭ ᠤᠨ ᠬᠤᠪᠢ ᠳᠤ ᠬᠦᠨᠡᠰᠦᠨ ᠦ ᠪᠷᠡᠨᠳ᠋ ᠪᠦᠲᠦᠭᠡᠭᠳᠡᠬᠦᠨ ᠬᠣᠮᠰᠠᠳᠠᠯ ᠲᠠᠢ ᠪᠠᠶᠢᠳᠠᠭ ᠪᠥᠭᠡᠳ ᠨᠡᠶᠢᠲᠡ ᠬᠡᠷᠡᠭᠯᠡᠭᠡᠨ ᠦ ᠪᠡᠨ ᠳᠡᠶᠢᠯᠦᠩᠬᠢ ᠬᠤᠪᠢ ᠢ ᠪᠤᠰᠤᠳ ᠣᠷᠣᠨ ᠨᠤᠲᠤᠭ ᠠᠴᠠ ᠠᠪᠴᠤ ᠪᠠᠶᠢᠨᠠ᠃ ᠢᠯᠠᠩᠭᠤᠶᠠ ᠲᠠᠯᠬᠠ᠂ ᠨᠠᠷᠢᠨ ᠪᠣᠣᠪᠣᠨ ᠤ ᠬᠡᠷᠡᠭᠯᠡᠭᠡᠨ ᠦ ᠪᠡᠨ 70 ᠣᠷᠴᠢᠮ ᠬᠤᠪᠢ ᠢ ᠪᠤᠰᠤᠳ ᠣᠷᠣᠨ ᠨᠤᠲᠤᠭ ᠠᠴᠠ ᠠᠪᠳᠠᠭ᠃ ᠡᠶᠢᠮᠦ ᠳᠦ ᠣᠳᠣ ᠪᠠᠶᠢᠭᠠ ᠦᠢᠯᠡᠳᠪᠦᠷᠢ ᠨᠦᠭᠦᠳ ᠢᠶᠡᠨ ᠳᠡᠮᠵᠢᠵᠦ᠂ ᠠᠶᠢᠮᠠᠭ ᠤᠨ ᠢᠶᠠᠨ ᠬᠡᠷᠡᠭᠴᠡᠭᠡ ᠶᠢ ᠪᠦᠷᠢᠨ ᠬᠠᠩᠭᠠᠬᠤ ᠵᠣᠷᠢᠯᠲᠠ ᠳᠡᠪᠰᠢᠭᠦᠯᠵᠡᠢ᠃
《ᠬᠦᠨᠡᠰᠦᠨ ᠦ ᠬᠤᠪᠢᠰᠬᠠᠯ ᠢ ᠰᠡᠯᠡᠩᠭᠡᠴᠦᠳ ᠮᠠᠩᠯᠠᠶᠢᠯᠠᠨᠠ》 ᠭᠡᠰᠡᠨ ᠲᠥᠯᠥᠪᠯᠡᠯᠲᠡ ᠲᠠᠨᠢᠯᠴᠠᠭᠤᠯᠤᠯᠠ
ᠰᠡᠯᠡᠩᠭᠡ ᠠᠶᠢᠮᠠᠭ ᠮᠣᠩᠭᠣᠯ ᠤᠯᠤᠰ ᠤᠨ ᠦᠨᠳᠦᠰᠦᠨ ᠦ ᠠᠶᠤᠯ ᠦᠭᠡᠢ ᠪᠠᠶᠢᠳᠠᠯ᠂ ᠲᠡᠷᠡ ᠳᠤᠮᠳᠠ ᠪᠠᠨ ᠬᠦᠨᠡᠰᠦᠨ ᠦ ᠠᠶᠤᠯ ᠦᠭᠡᠢ ᠪᠠᠶᠢᠳᠠᠯ ᠢ ᠰᠠᠬᠢᠨ ᠬᠠᠮᠠᠭᠠᠯᠠᠭᠴᠢ᠂ ᠬᠥᠳᠡᠭᠡ ᠠᠵᠤ ᠠᠬᠤᠢ ᠶᠢᠨ ᠪᠦᠲᠦᠭᠡᠭᠳᠡᠬᠦᠨ ᠦ ᠭᠣᠣᠯ ᠨᠡᠶᠢᠯᠡᠭᠦᠯᠦᠭᠴᠢ ᠭᠡᠳᠡᠭ ᠢᠶᠡᠷ ᠢᠶᠡᠨ ᠪᠤᠰᠤᠳ ᠠᠶᠢᠮᠠᠭ ᠠᠴᠠ ᠣᠨᠴᠠᠯᠢᠭ ᠲᠠᠢ᠃ ᠬᠦᠮᠦᠨ ᠠᠮᠠ ᠶᠢᠨ ᠬᠦᠨᠡᠰᠦᠨ ᠦ ᠬᠡᠷᠡᠭᠴᠡᠭᠡᠲᠦ ᠮᠢᠬᠠ᠂ ᠰᠦ᠋ᠨ᠂ ᠭᠤᠯᠢᠷ᠂ ᠲᠥᠮᠥᠰᠥ᠂ ᠬᠦᠨᠡᠰᠦᠨ ᠦ ᠨᠣᠭᠣᠭᠠ ᠶᠢ 100 ᠬᠤᠪᠢ᠂ ᠥᠨᠳᠡᠭᠡ᠂ ᠤᠷᠭᠤᠮᠠᠯ ᠤᠨ ᠲᠣᠰᠣ᠂ ᠭᠤᠯᠢᠷ᠂ ᠰᠦᠨ ᠪᠦᠲᠦᠭᠡᠭᠳᠡᠬᠦᠨ᠂ ᠵᠢᠮᠢᠰ᠂ ᠵᠢᠮᠢᠰᠬᠡᠨᠡ᠂ ᠪᠤᠤᠷᠴᠠᠭᠲᠤ ᠤᠷᠭᠤᠮᠠᠯ ᠢ 3-27 ᠬᠤᠪᠢ ᠢ ᠳᠣᠲᠣᠭᠠᠳᠤ ᠳᠤ ᠪᠠᠨ ᠦᠢᠯᠡᠳᠪᠦᠷᠢᠯᠡᠵᠦ᠂ ᠮᠢᠬᠠᠨ ᠤ 49᠂4 ᠬᠤᠪᠢ ᠢ᠂ ᠰᠦᠨ ᠦ 11 ᠬᠤᠪᠢ ᠢ ᠦᠢᠯᠡᠳᠪᠦᠷᠢ ᠶᠢᠨ ᠠᠷᠭᠠ ᠪᠠᠷ ᠪᠣᠯᠪᠠᠰᠤᠷᠠᠭᠤᠯᠵᠤ ᠪᠤᠢ ᠲᠤᠰ ᠠᠶᠢᠮᠠᠭ ᠤᠨ ᠬᠤᠪᠢ ᠳᠤ ᠲᠥᠷᠥ ᠶᠢᠨ ᠲᠡᠷᠢᠭᠦᠨ ᠦ ᠰᠠᠨᠠᠭᠠᠴᠢᠯᠠᠨ ᠬᠡᠷᠡᠭᠵᠢᠭᠦᠯᠵᠦ ᠪᠤᠢ 《ᠬᠦᠨᠡᠰᠦᠨ ᠦ ᠬᠤᠪᠢᠰᠬᠠᠯ》 ᠳᠦ ᠰᠡᠯᠡᠩᠭᠡᠴᠦᠳ ᠮᠠᠩᠯᠠᠶᠢᠯᠠᠨᠠ ᠭᠡᠰᠡᠨ ᠲᠥᠯᠥᠪᠯᠡᠯᠲᠡ ᠲᠠᠨᠢᠯᠴᠠᠭᠤᠯᠤᠯᠠ᠃
ᠳᠠᠷᠬᠠᠨ-ᠠᠭᠤᠯᠠ ᠠᠶᠢᠮᠠᠭ 《ᠬᠦᠨᠡᠰᠦᠨ ᠦ ᠬᠤᠪᠢᠰᠬᠠᠯ》 ᠳᠦ 4 ᠴᠢᠭᠯᠡᠯ ᠦᠨ 34 ᠠᠷᠭᠠ ᠬᠡᠮᠵᠢᠶᠡ ᠶᠢ ᠠᠪᠴᠤ ᠬᠡᠷᠡᠭᠵᠢᠭᠦᠯᠦᠨᠡ
ᠳᠠᠷᠬᠠᠨ -ᠠᠭᠤᠯᠠ ᠠᠶᠢᠮᠠᠭ ᠨᠢ ᠤᠯᠤᠰ ᠤᠨ ᠦᠷᠡ ᠲᠠᠷᠢᠶᠠᠨ ᠤ ᠤᠷᠭᠤᠴᠠ ᠶᠢᠨ 4᠂2 ᠬᠤᠪᠢ᠂ ᠲᠥᠮᠦᠰᠦᠨ ᠦ ᠤᠷᠭᠤᠴᠠ ᠶᠢᠨ 4᠂4 ᠬᠤᠪᠢ᠂ ᠬᠦᠨᠡᠰᠦᠨ ᠦ ᠨᠣᠭᠣᠭᠠᠨ ᠤ ᠤᠷᠭᠤᠴᠠ ᠶᠢᠨ 17᠂6 ᠬᠤᠪᠢ ᠢ ᠲᠤᠰ ᠲᠤᠰ ᠬᠠᠩᠭᠠᠬᠤ ᠶᠢᠨ ᠵᠡᠷᠭᠡᠴᠡᠭᠡ ᠬᠤᠷᠢᠶᠠᠨ ᠠᠪᠤᠭᠰᠠᠨ ᠤᠷᠭᠤᠴᠠ ᠨᠢ ᠠᠶᠢᠮᠠᠭ ᠤᠨ ᠢᠶᠠᠨ ᠬᠦᠮᠦᠨ ᠠᠮᠠ ᠶᠢᠨ ᠹᠢᠽᠢᠣᠯᠣᠭᠢ ᠶᠢᠨ ᠬᠡᠷᠡᠭᠴᠡᠭᠡᠲᠦ ᠦᠷᠡ ᠲᠠᠷᠢᠶᠠ ᠪᠠᠷ 100 ᠬᠤᠪᠢ᠂ ᠲᠥᠮᠥᠰᠥ ᠪᠡᠷ 1.7 ᠳ᠋ᠠᠬᠢᠨ᠂ ᠬᠦᠨᠡᠰᠦᠨ ᠦ ᠨᠣᠭᠣᠭᠠ ᠪᠠᠷ 1.6 ᠳ᠋ᠠᠬᠢᠨ ᠬᠠᠩᠭᠠᠳᠠᠭ ᠭᠣᠣᠯ ᠬᠦᠨᠡᠰᠦ ᠦᠢᠯᠡᠳᠪᠦᠷᠢᠯᠡᠭᠴᠢ ᠠᠶᠢᠮᠠᠭ ᠶᠤᠮ᠃ ᠲᠤᠰ ᠠᠶᠢᠮᠠᠭ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠦ ᠬᠡᠷᠡᠭᠵᠢᠯᠲᠡ ᠶᠢᠨ ᠬᠦᠷᠢᠶᠡᠨ ᠳᠦ 4 ᠴᠢᠭᠯᠡᠯ ᠦᠨ 34 ᠠᠷᠭᠠ ᠬᠡᠮᠵᠢᠶᠡ ᠶᠢ ᠬᠡᠷᠡᠭᠵᠢᠭᠦᠯᠬᠦ ᠪᠡᠷ ᠲᠥᠯᠥᠪᠯᠡᠵᠡᠢ᠃
ᠬᠣᠪᠳᠣ ᠠᠶᠢᠮᠠᠭ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠢ ᠠᠵᠤ ᠦᠢᠯᠡᠳᠪᠦᠷᠢ ᠶᠢᠨ ᠰᠡᠷᠭᠦᠯᠲᠡ ᠲᠡᠢ ᠬᠣᠷᠰᠢᠵᠤ ᠬᠡᠷᠡᠭᠵᠢᠭᠦᠯᠦᠨᠡ
ᠪᠠᠷᠠᠭᠤᠨ ᠪᠥᠰᠡ ᠶᠢᠨ ᠲᠤᠯᠭᠠᠭᠤᠷᠢ ᠲᠥᠪ ᠬᠣᠪᠳᠣ ᠠᠶᠢᠮᠠᠭ ᠲᠤ 2022 ᠣᠨ ᠤ ᠪᠠᠶᠢᠳᠠᠯ ᠢᠶᠠᠷ ᠨᠡᠶᠢᠲᠡ 140 ᠭᠠᠷᠤᠢ ᠠᠵᠤ ᠠᠬᠤᠢ ᠶᠢᠨ ᠨᠢᠭᠡᠴᠡ ᠬᠦᠨᠡᠰᠦᠨ ᠦ ᠲᠥᠷᠥᠯ ᠪᠦᠷᠢ ᠶᠢᠨ ᠪᠦᠲᠦᠭᠡᠭᠳᠡᠬᠦᠨ ᠦᠢᠯᠡᠳᠪᠦᠷᠢᠯᠡᠨ ᠵᠠᠬᠠ ᠵᠡᠭᠡᠯᠢ ᠳᠦ ᠨᠡᠶᠢᠯᠡᠭᠦᠯᠵᠦ ᠦᠢᠯᠡ ᠠᠵᠢᠯᠯᠠᠭᠠ ᠶᠠᠪᠤᠭᠤᠯᠵᠤ ᠪᠠᠶᠢᠨᠠ᠃ ᠮᠥᠨ ᠬᠦᠮᠦᠨ ᠠᠮᠠ ᠶᠢᠨ ᠬᠦᠨᠡᠰᠦᠨ ᠦ ᠭᠣᠣᠯ ᠨᠡᠷᠡ ᠶᠢᠨ ᠪᠦᠲᠦᠭᠡᠭᠳᠡᠬᠦᠨ ᠪᠣᠯᠬᠤ ᠮᠢᠬᠠ᠂ ᠲᠥᠮᠥᠰᠥ᠂ ᠬᠦᠨᠡᠰᠦᠨ ᠦ ᠨᠣᠭᠣᠭᠠᠨ ᠤ ᠬᠡᠷᠡᠭᠴᠡᠭᠡ ᠶᠢ 100 ᠬᠤᠪᠢ᠂ ᠰᠦᠨ ᠦ 88.4 ᠬᠤᠪᠢ ᠢ ᠳᠣᠲᠣᠭᠠᠳᠤ ᠶᠢᠨ ᠦᠢᠯᠡᠳᠪᠦᠷᠢᠯᠡᠯ ᠢᠶᠡᠷ ᠬᠠᠩᠭᠠᠳᠠᠭ ᠪᠣᠯᠪᠠᠴᠤ ᠲᠥᠷᠥᠯ ᠪᠦᠷᠢ ᠶᠢᠨ ᠪᠤᠳᠠᠭᠠ᠂ ᠪᠤᠤᠷᠴᠠᠭᠲᠤ ᠤᠷᠭᠤᠮᠠᠯ᠂ ᠰᠠᠾᠠᠷ᠂ ᠰᠢᠬᠢᠷ ᠦᠨ ᠵᠦᠢᠯ ᠦᠨ ᠬᠠᠩᠭᠠᠮᠵᠢ ᠪᠤᠰᠤᠳ ᠣᠷᠣᠨ ᠨᠤᠲᠤᠭ ᠠᠴᠠ ᠪᠣᠯᠤᠨ ᠭᠠᠳᠠᠨᠠ ᠶᠢᠨ ᠢᠮᠫᠣᠷᠲ ᠠᠴᠠ 100% ᠬᠠᠮᠢᠶᠠᠷᠤᠯ ᠲᠠᠢ ᠪᠠᠶᠢᠨᠠ᠃ ᠲᠤᠰ ᠠᠶᠢᠮᠠᠭ ᠤᠨ ᠵᠦᠭ ᠡᠴᠡ ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨᠠ ᠶᠢᠨ ᠬᠦᠷᠡᠯᠰᠦ᠋ᠬᠡ ᠶᠢᠨ ᠰᠠᠨᠠᠭᠠᠴᠢᠯᠠᠭᠰᠠᠨ ᠲᠤᠰ ᠬᠥᠳᠡᠯᠭᠡᠭᠡᠨ ᠢ ᠬᠡᠷᠡᠭᠵᠢᠭᠦᠯᠬᠦ ᠳᠦ ᠪᠡᠨ ᠪᠦᠲᠦᠴᠡ ᠶᠢᠨ ᠬᠦᠷᠢᠶᠡᠨ ᠳᠦ ᠠᠩᠬᠠᠷᠴᠤ᠂ ᠪᠷᠡᠨᠳ᠋ ᠪᠦᠲᠦᠭᠡᠭᠳᠡᠬᠦᠨ ᠪᠤᠢ ᠪᠣᠯᠭᠠᠬᠤ ᠶᠢ ᠵᠣᠷᠢᠵᠤ ᠠᠵᠢᠯᠯᠠᠨᠠ ᠭᠡᠳᠡᠭ ᠢ ᠨᠤᠲᠤᠭ ᠤᠨ ᠤᠳᠤᠷᠢᠳᠤᠯᠭᠠ ᠨᠤᠭᠤᠳ ᠢᠯᠡᠷᠬᠡᠶᠢᠯᠡᠯᠡ᠃
ᠭᠣᠪᠢ-ᠠᠯᠲᠠᠢ ᠠᠶᠢᠮᠠᠭ ᠤᠨ ᠤᠳᠤᠷᠢᠳᠤᠯᠭᠠ ᠨᠤᠭᠤᠳ 《ᠬᠦᠨᠡᠰᠦᠨ ᠦ ᠬᠤᠪᠢᠰᠬᠠᠯ》 ᠢ ᠪᠣᠯᠤᠮᠵᠢ ᠭᠡᠵᠦ ᠬᠠᠷᠠᠵᠤ ᠪᠠᠶᠢᠨᠠ
ᠲᠤᠰ ᠠᠶᠢᠮᠠᠭ ᠨᠢ ᠵᠢᠮᠢᠰ᠂ ᠵᠢᠮᠢᠰᠬᠡᠨᠡ᠂ ᠬᠠᠯᠲᠠᠷ ᠠᠷᠪᠠᠢ᠂ ᠡᠷᠳᠡᠨᠢ ᠰᠢᠰᠢ ᠪᠡᠷ ᠢᠶᠡᠨ ᠠᠯᠳᠠᠷᠲᠠᠢ ᠪᠥᠭᠡᠳ ᠡᠨᠡ ᠣᠨᠴᠠᠯᠢᠭ ᠲᠤ ᠪᠠᠨ ᠲᠤᠯᠭᠠᠭᠤᠷᠢᠯᠠᠨ ᠣᠷᠣᠨ ᠨᠤᠲᠤᠭ ᠲᠤ ᠪᠠᠨ ᠬᠦᠨᠡᠰᠦᠨ ᠦ ᠬᠤᠪᠢᠰᠬᠠᠯ ᠬᠢᠬᠦ ᠪᠡᠷ ᠲᠥᠯᠥᠪᠯᠡᠵᠦ ᠪᠠᠶᠢᠨᠠ᠃ ᠮᠥᠨ ᠤᠯᠤᠰ ᠤᠨ ᠬᠡᠮᠵᠢᠶᠡᠨ ᠳᠦ ᠰᠣᠩᠭᠢᠨᠠ᠂ ᠰᠠᠷᠮᠢᠰᠤᠨ ᠤ ᠬᠡᠷᠡᠭᠴᠡᠭᠡ ᠶᠢ 100 ᠬᠤᠪᠢ ᠬᠠᠩᠭᠠᠬᠤ ᠪᠠᠷ ᠵᠣᠷᠢᠵᠠᠢ᠃ ᠠᠶᠢᠮᠠᠭ ᠤᠨ ᠤᠳᠤᠷᠢᠳᠤᠯᠭᠠ ᠨᠤᠭᠤᠳ᠂ ᠢᠷᠭᠡᠳ᠂ ᠮᠠᠯᠴᠢᠳ᠂ ᠬᠥᠳᠡᠭᠡ ᠠᠵᠤ ᠠᠬᠤᠢ ᠶᠢᠨ ᠮᠡᠷᠭᠡᠵᠢᠯᠲᠡᠨ ᠨᠦᠭᠦᠳ ᠨᠡᠭᠡᠭᠡᠯᠲᠡ ᠶᠢᠨ ᠦᠢᠯᠡ ᠠᠵᠢᠯᠯᠠᠭᠠᠨ ᠳᠤ ᠢᠳᠡᠪᠬᠢ ᠰᠠᠨᠠᠭᠠᠴᠢᠯᠭᠠ ᠲᠠᠢ ᠣᠷᠣᠯᠴᠠᠵᠤ᠂ 《ᠬᠦᠨᠡᠰᠦᠨ ᠦ ᠬᠤᠪᠢᠰᠬᠠᠯ》 ᠳᠦ ᠨᠢᠭᠡᠳᠴᠦ ᠬᠢᠴᠢᠶᠡᠯ ᠵᠢᠳᠬᠦᠯ ᠢᠶᠡᠨ ᠭᠠᠷᠭᠠᠨ᠂ ᠬᠠᠮᠲᠤᠷᠠᠨ ᠠᠵᠢᠯᠯᠠᠬᠤ ᠪᠠᠨ ᠢᠯᠡᠷᠬᠡᠶᠢᠯᠡᠯᠡ᠃ ᠣᠷᠣᠨ ᠨᠤᠲᠤᠭ ᠲᠤ ᠦᠢᠯᠡᠳᠪᠦᠷᠢᠯᠡᠯ ᠡᠷᠬᠢᠯᠡᠬᠦ ᠳᠦ ᠲᠦᠭᠦᠬᠡᠢ ᠡᠳ᠋ ᠦᠨ ᠬᠠᠩᠭᠠᠮᠵᠢ ᠬᠠᠮᠤᠭ ᠤᠨ ᠶᠡᠬᠡ ᠬᠦᠨᠳᠦᠷᠡᠯ ᠤᠴᠠᠷᠠᠭᠤᠯᠳᠠᠭ ᠲᠤᠯᠠ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠦ ᠡᠨᠡ ᠠᠰᠠᠭᠤᠳᠠᠯ ᠰᠢᠢᠳᠦᠭᠳᠡᠭᠡᠰᠡᠢ ᠭᠡᠵᠦ ᠬᠦᠰᠴᠥ ᠪᠠᠶᠢᠭᠠ ᠪᠠᠨ ᠣᠷᠣᠨ ᠨᠤᠲᠤᠭ ᠤᠨ ᠦᠢᠯᠡᠳᠪᠦᠷᠢᠯᠡᠭᠴᠢᠳ ᠬᠡᠯᠡᠯᠡ᠃
ᠪᠠᠶᠠᠨᠬᠣᠩᠭᠣᠷ ᠠᠶᠢᠮᠠᠭ ᠳᠡᠯᠡᠬᠡᠢ ᠶᠢᠨ ᠵᠠᠬᠠ ᠵᠡᠭᠡᠯᠢ ᠳᠦ ᠴᠢᠭᠯᠡᠭᠰᠡᠨ ᠬᠦᠨᠡᠰᠦᠨ ᠦ ᠪᠦᠲᠦᠭᠡᠭᠳᠡᠬᠦᠨ ᠦᠢᠯᠡᠳᠪᠦᠷᠢᠯᠡᠬᠦ ᠳᠦ ᠠᠩᠬᠠᠷᠤᠨᠠ
《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠢ ᠨᠡᠭᠡᠭᠡᠵᠦ ᠪᠠᠶᠠᠨᠬᠣᠩᠭᠣᠷ ᠠᠶᠢᠮᠠᠭ ᠤᠨ ᠵᠠᠰᠠᠭ ᠳᠠᠷᠤᠭᠠ ᠣ᠊ ∙ ᠮᠥᠩᠬᠡᠰᠠᠶᠢᠬᠠᠨ ᠦᠭᠡ ᠬᠡᠯᠡᠯᠡ᠃ ᠶᠡᠷᠦᠩᠬᠡᠶᠢᠯᠡᠭᠴᠢ ᠶᠢᠨ ᠡᠳ᠋ ᠦᠨ ᠵᠠᠰᠠᠭ ᠤᠨ ᠪᠣᠳᠣᠯᠭᠠ ᠶᠢᠨ ᠵᠥᠪᠯᠡᠬᠦ ᠪᠠ ∙ ᠳᠠᠸᠠᠳᠠᠯᠠᠢ ᠮᠣᠩᠭᠣᠯ ᠤᠯᠤᠰ ᠤᠨ ᠶᠡᠷᠦᠩᠬᠡᠶᠢᠯᠡᠭᠴᠢ ᠤᠬᠤᠨᠠ ᠶᠢᠨ ᠬᠦᠷᠡᠯᠰᠦ᠋ᠬᠡ ᠶᠢᠨ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠳᠦ ᠣᠷᠣᠯᠴᠠᠭᠴᠢᠳ ᠲᠤ ᠳᠡᠪᠰᠢᠭᠦᠯᠦᠭᠰᠡᠨ ᠮᠡᠨᠳᠦᠴᠢᠯᠡᠭᠡ ᠶᠢ ᠤᠩᠰᠢᠵᠤ ᠲᠠᠨᠢᠯᠴᠠᠭᠤᠯᠤᠯᠠ᠃ ᠮᠥᠨ 《ᠤᠯᠤᠰ ᠣᠷᠣᠨ ᠳᠠᠶᠠᠭᠠᠷ 》ᠬᠦᠨᠡᠰᠦᠨ ᠦ ᠬᠤᠪᠢᠰᠬᠠᠯ ᠢ ᠡᠷᠴᠢᠮᠲᠡᠢ ᠥᠷᠨᠢᠭᠦᠯᠵᠦ᠂ ᠳᠡᠪᠰᠢᠭᠦᠯᠦᠭᠰᠡᠨ ᠵᠣᠷᠢᠯᠭᠠ ᠵᠣᠷᠢᠯᠲᠠ ᠪᠠᠨ ᠠᠵᠢᠯ ᠬᠡᠷᠡᠭ ᠪᠣᠯᠭᠠᠬᠤ ᠶᠢᠨ ᠲᠥᠯᠥᠭᠡ ᠬᠢᠴᠢᠶᠡᠩᠭᠦᠶᠢᠯᠡᠨ ᠠᠵᠢᠯᠯᠠᠵᠤ ᠪᠠᠶᠢᠭᠠ ᠡᠨᠡ ᠴᠠᠭ ᠦᠶᠡ ᠳᠦ ᠪᠠᠶᠠᠨᠬᠣᠩᠭᠣᠷ ᠠᠶᠢᠮᠠᠭ ᠤᠨ ᠤᠳᠤᠷᠢᠳᠤᠯᠭᠠ ᠨᠤᠭᠤᠳ᠂ ᠢᠷᠭᠡᠳ᠂ ᠮᠠᠯᠴᠢᠳ᠂ ᠦᠢᠯᠡᠳᠪᠦᠷᠢᠯᠡᠯ ᠡᠷᠬᠢᠯᠡᠭᠴᠢᠳ᠂ ᠬᠥᠳᠡᠭᠡ ᠠᠵᠤ ᠠᠬᠤᠢ ᠶᠢᠨ ᠰᠠᠯᠪᠤᠷᠢ ᠶᠢᠨ ᠮᠡᠷᠭᠡᠵᠢᠯᠲᠡᠨ ᠨᠦᠭᠦᠳ ᠢᠳᠡᠪᠬᠢ᠂ ᠰᠠᠨᠠᠭᠠᠴᠢᠯᠭᠠ ᠲᠠᠢ ᠣᠷᠣᠯᠴᠠᠵᠤ᠂ ᠲᠥᠷᠥ ᠵᠠᠰᠠᠭ ᠤᠨ ᠢᠶᠠᠨ ᠳᠡᠪᠰᠢᠭᠦᠯᠵᠦ ᠪᠠᠶᠢᠭᠠ ᠬᠥᠳᠡᠯᠭᠡᠭᠡᠨ ᠢ ᠪᠦᠬᠦ ᠲᠠᠯᠠ ᠪᠠᠷ ᠳᠡᠮᠵᠢᠵᠦ᠂ ᠬᠠᠮᠲᠤᠷᠠᠵᠤ ᠬᠣᠷᠰᠢᠵᠤ ᠠᠵᠢᠯᠯᠠᠬᠤ ᠪᠣᠯᠤᠨᠠ.》 ᠬᠡᠮᠡᠨ ᠪᠠᠶᠠᠨᠬᠣᠩᠭᠣᠷ ᠠᠶᠢᠮᠠᠭ ᠤᠨ ᠵᠠᠰᠠᠭ ᠳᠠᠷᠤᠭᠠ ᠣ᠊ ∙ ᠮᠥᠩᠬᠡᠰᠠᠶᠢᠬᠠᠨ ᠬᠡᠯᠡᠯᠡ᠃
ᠭᠣᠪᠢᠰᠦᠮᠪᠦᠷ ᠠᠶᠢᠮᠠᠭ ᠬᠦᠨᠡᠰᠦᠨ ᠦ ᠦᠢᠯᠡᠳᠪᠦᠷᠢ ᠨᠦᠭᠦᠳ ᠨᠡᠮᠡᠵᠦ ᠪᠠᠶᠢᠭᠤᠯᠬᠤ ᠪᠠᠷ ᠵᠣᠷᠢᠵᠤ ᠪᠠᠶᠢᠨᠠ
ᠭᠣᠪᠢᠰᠦᠮᠪᠦᠷ ᠠᠶᠢᠮᠠᠭ ᠤᠨ ᠬᠦᠨᠡᠰᠦ᠂ ᠬᠥᠳᠡᠭᠡ᠂ ᠠᠵᠤ ᠠᠬᠤᠢ ᠶᠢᠨ ᠭᠠᠵᠠᠷ ᠠᠴᠠ ᠠᠶᠢᠮᠠᠭ ᠤᠨ ᠬᠡᠮᠵᠢᠶᠡᠨ ᠳᠦ ᠬᠦᠨᠡᠰᠦᠨ ᠦ ᠦᠢᠯᠡᠳᠪᠦᠷᠢ ᠨᠦᠭᠦᠳ ᠦᠨ ᠢᠶᠡᠨ ᠲᠣᠭᠠ ᠶᠢ ᠨᠡᠮᠡᠭᠳᠡᠭᠦᠯᠵᠦ᠂ ᠳᠣᠲᠣᠭᠠᠳᠤ ᠶᠢᠨ ᠬᠡᠷᠡᠭᠴᠡᠭᠡ ᠶᠢ ᠪᠦᠷᠢᠨ ᠬᠠᠩᠭᠠᠬᠤ ᠬᠦᠨᠡᠰᠦᠨ ᠦ ᠦᠢᠯᠡᠳᠪᠦᠷᠢ ᠨᠦᠭᠦᠳ ᠦᠨ ᠲᠣᠭᠠ ᠶᠢ ᠨᠡᠮᠡᠭᠳᠡᠭᠦᠯᠬᠦ ᠪᠡᠷ ᠲᠥᠯᠥᠪᠯᠡᠵᠦ ᠪᠠᠶᠢᠭᠠ ᠶᠢ ᠲᠠᠨᠢᠯᠴᠠᠭᠤᠯᠤᠯᠠ᠃ 19 ᠨᠡᠷᠡ ᠲᠥᠷᠥᠯ ᠦᠨ ᠬᠦᠨᠡᠰᠦᠨ ᠦ ᠪᠦᠲᠦᠭᠡᠭᠳᠡᠬᠦᠨ ᠢ ᠡᠬᠡ ᠣᠷᠣᠨ ᠳᠤ ᠪᠠᠨ ᠦᠢᠯᠡᠳᠪᠦᠷᠢᠯᠡᠨ ᠳᠣᠲᠣᠭᠠᠳᠤ ᠶᠢᠨ ᠬᠡᠷᠡᠭᠴᠡᠭᠡ ᠪᠡᠨ ᠬᠠᠩᠭᠠᠵᠤ᠂ ᠴᠢᠨᠠᠭᠰᠢᠯᠠᠭᠠᠳ ᠡᠺᠰᠫᠣᠷᠲ᠋ᠯᠤᠭᠴᠢ ᠤᠯᠤᠰ ᠪᠣᠯᠬᠤ ᠵᠣᠷᠢᠯᠭᠠ ᠲᠠᠢ ᠣᠷᠣᠨ ᠳᠠᠶᠠᠭᠠᠷ ᠥᠷᠨᠢᠵᠦ ᠪᠤᠢ ᠬᠦᠨᠡᠰᠦᠨ ᠦ ᠬᠤᠪᠢᠰᠬᠠᠯ ᠳᠤ ᠭᠣᠪᠢᠰᠦᠮᠪᠦᠷ ᠠᠶᠢᠮᠠᠭ ᠢᠳᠡᠪᠬᠢ ᠲᠡᠢ ᠣᠷᠣᠯᠴᠠᠬᠤ ᠪᠠᠨ ᠢᠯᠡᠷᠬᠡᠶᠢᠯᠡᠯᠡ᠃
ᠡᠬᠡ ᠣᠷᠣᠨ ᠤ ᠵᠡᠭᠦᠨ ᠡᠮᠦᠨᠡᠲᠦ ᠪᠥᠰᠡ ᠶᠢᠨ ᠬᠢᠯᠢ ᠶᠢᠨ ᠮᠠᠨᠠᠭᠠ ᠳᠣᠷᠣᠨᠠᠭᠣᠪᠢ ᠠᠶᠢᠮᠠᠭ ᠬᠦᠨᠡᠰᠦᠨ ᠦ ᠰᠠᠯᠪᠤᠷᠢ ᠪᠠᠨ ᠺᠯᠠᠰᠲ᠋ᠸᠷ ᠬᠡᠯᠪᠡᠷᠢ ᠪᠡᠷ ᠬᠥᠭᠵᠢᠭᠦᠯᠵᠦ᠂ ᠪᠷᠡᠨᠳ᠋ ᠪᠦᠲᠦᠭᠡᠭᠳᠡᠬᠦᠨ ᠨᠦᠭᠦᠳ ᠢᠶᠡᠨ ᠡᠺᠰᠫᠣᠷᠲ᠋ᠯᠠᠬᠤ ᠪᠠᠷ ᠵᠣᠷᠢᠵᠤ ᠪᠠᠶᠢᠨᠠ
ᠳᠣᠷᠣᠨᠠᠭᠣᠪᠢ ᠠᠶᠢᠮᠠᠭ ᠤᠨ ᠢᠷᠭᠡᠳ ᠥᠪᠡᠷᠰᠡᠳ ᠦᠨ ᠪᠥᠰᠡ ᠨᠤᠲᠤᠭ ᠲᠤ ᠲᠣᠬᠢᠷᠠᠭᠰᠠᠨ᠂ ᠣᠨᠴᠠᠯᠢᠭ ᠵᠦᠢᠯ ᠢᠶᠡᠨ ᠲᠣᠳᠣᠳᠬᠠᠭᠰᠠᠨ ᠪᠦᠷᠦᠨ ᠳᠦ ᠪᠦᠲᠦᠭᠡᠭᠳᠡᠬᠦᠨ᠂ ᠨᠡᠷᠡ ᠶᠢᠨ ᠳᠡᠯᠭᠡᠭᠦᠷ ᠲᠡᠢ ᠪᠣᠯᠬᠤ ᠬᠦᠰᠡᠯᠲᠡᠢ ᠪᠠᠶᠢᠨᠠ᠃ ᠠᠶᠢᠮᠠᠭ ᠤᠨ ᠵᠠᠰᠠᠭ ᠳᠠᠷᠤᠭᠠ ᠶᠢᠨ ᠵᠦᠭ ᠡᠴᠡ ᠪᠦᠷᠦᠨ ᠳᠦ ᠪᠦᠲᠦᠭᠡᠭᠳᠡᠬᠦᠨ ᠢᠶᠡᠨ ᠪᠤᠢ ᠪᠣᠯᠭᠠᠵᠤ᠂ ᠨᠡᠷᠡ ᠶᠢᠨ ᠳᠡᠯᠭᠡᠭᠦᠷ ᠲᠡᠢ ᠪᠣᠯᠬᠤ ᠡᠬᠢᠯᠡᠯ ᠲᠠᠯᠪᠢᠭᠳᠠᠭᠰᠠᠨ ᠲᠠᠯᠠ ᠪᠠᠷ ᠬᠡᠯᠡᠵᠦ᠂ ᠮᠠᠯᠴᠢᠳ᠂ ᠲᠠᠷᠢᠶᠠᠯᠠᠩᠴᠢᠳ᠂ ᠦᠢᠯᠡᠳᠪᠦᠷᠢᠯᠡᠭᠴᠢᠳ ᠲᠠᠯᠠᠷᠬᠠᠯ ᠢᠯᠡᠷᠬᠡᠶᠢᠯᠡᠯᠡ᠃ ᠲᠤᠰ ᠠᠶᠢᠮᠠᠭ ᠭᠣᠪᠢ ᠶᠢᠨ ᠪᠥᠰᠡ ᠶᠢᠨ ᠣᠨᠴᠠᠯᠢᠭ ᠲᠤ ᠪᠠᠨ ᠲᠣᠬᠢᠷᠠᠭᠤᠯᠵᠤ᠂ ᠲᠡᠮᠡᠭᠡᠨ ᠰᠦᠷᠦᠭ ᠦᠨ ᠠᠰᠢᠭ ᠰᠢᠮᠡ ᠪᠡᠷ ᠦᠢᠯᠡᠳᠪᠦᠷᠢᠯᠡᠭᠰᠡᠨ ᠣᠨᠴᠠᠯᠢᠭ ᠪᠦᠲᠦᠭᠡᠭᠳᠡᠬᠦᠨ ᠭᠠᠷᠭᠠᠨ ᠠᠪᠬᠤ᠂ ᠮᠢᠬᠠ ᠮᠢᠬᠠᠨ ᠪᠦᠲᠦᠭᠡᠭᠳᠡᠬᠦᠨ ᠦ ᠦᠢᠯᠡᠳᠪᠦᠷᠢᠯᠡᠯ ᠢ ᠨᠡᠮᠡᠭᠳᠡᠭᠦᠯᠬᠦ᠂ ᠥᠨᠳᠡᠭᠡ ᠪᠣᠯᠤᠨ ᠪᠤᠰᠤᠳ ᠬᠦᠨᠡᠰᠦᠨ ᠦ ᠠᠵᠤ ᠠᠬᠤᠢ ᠬᠢᠭᠡᠳ ᠬᠠᠮᠠᠭᠠᠯᠠᠭᠳᠠᠭᠰᠠᠨ ᠬᠥᠷᠥᠰᠥ ᠪᠤᠶᠤ ᠬᠦᠯᠡᠮᠵᠢ ᠶᠢᠨ ᠠᠵᠤ ᠠᠬᠤᠢ ᠶᠢ ᠬᠥᠭᠵᠢᠭᠦᠯᠬᠦ ᠳᠦ ᠣᠨᠴᠠᠭᠠᠢ ᠠᠩᠬᠠᠷᠬᠤ ᠪᠣᠳᠣᠯᠭᠠ ᠪᠠᠷᠢᠮᠲᠠᠯᠠᠵᠤ ᠪᠠᠶᠢᠭᠠ ᠲᠠᠯᠠ ᠪᠠᠷ ᠢᠶᠠᠨ ᠬᠡᠯᠡᠪᠡ᠃ ᠮᠥᠨ ᠭᠠᠵᠠᠷ ᠤᠨ ᠲᠣᠰᠤᠨ ᠤ ᠦᠢᠯᠡᠳᠪᠦᠷᠢ᠂ ᠰᠢᠨᠡ ᠲᠡᠮᠦᠷ ᠵᠠᠮ ᠪᠣᠯᠤᠨ ᠪᠤᠰᠤᠳ ᠦᠢᠯᠡᠳᠪᠦᠷᠢ ᠲᠧᠭᠨᠣᠯᠣᠭᠢ ᠶᠢᠨ ᠬᠥᠭᠵᠢᠯ ᠢᠶᠡᠨ ᠳᠠᠭᠠᠭᠰᠠᠨ ᠪᠣᠳᠣᠯᠭᠠ ᠪᠠᠷᠢᠮᠲᠠᠯᠠᠵᠤ ᠬᠦᠨᠡᠰᠦᠨ ᠦ ᠰᠠᠯᠪᠤᠷᠢ ᠪᠠᠨ ᠺᠯᠠᠰᠲ᠋ᠸᠷ ᠬᠡᠯᠪᠡᠷᠢ ᠪᠡᠷ ᠬᠥᠭᠵᠢᠭᠦᠯᠦᠨ ᠬᠦᠨᠡᠰᠦ ᠡᠺᠰᠫᠣᠷᠲᠯᠠᠬᠤ ᠵᠣᠷᠢᠯᠲᠠ ᠲᠠᠯᠪᠢᠵᠠᠢ᠃
ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠬᠣᠲᠠ᠂ ᠬᠥᠳᠡᠭᠡ ᠶᠢᠨ ᠬᠥᠭᠵᠢᠯ ᠦᠨ ᠪᠣᠳᠣᠯᠭᠠ ᠶᠢᠨ ᠵᠥᠪᠯᠡᠬᠦ ᠣ᠊ ∙ ᠪᠤᠶᠠᠨᠨᠡᠮᠡᠬᠦ ᠪᠡᠷ ᠠᠬᠠᠯᠠᠭᠤᠯᠤᠭᠰᠠᠨ ᠠᠵᠢᠯ ᠤᠨ ᠬᠡᠰᠡᠭ ᠲᠥᠪ᠂ ᠡᠮᠦᠨᠡᠭᠣᠪᠢ᠂ ᠳᠤᠮᠳᠠᠭᠤᠪᠢ ᠠᠶᠢᠮᠠᠭ ᠲᠤ ᠠᠵᠢᠯᠯᠠᠯᠠ
ᠠᠵᠢᠯ ᠤᠨ ᠬᠡᠰᠡᠭ ᠲᠦ᠄
- ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠠᠬᠠᠯᠠᠬᠤ ᠵᠥᠪᠯᠡᠬᠦ ᠰᠥ ∙ ᠯᠦᠩᠳᠡᠭ᠂
- ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠬᠣᠲᠠ᠂ ᠬᠥᠳᠡᠭᠡ ᠶᠢᠨ ᠬᠥᠭᠵᠢᠯ ᠦᠨ ᠪᠣᠳᠣᠯᠭᠠ ᠶᠢᠨ ᠵᠥᠪᠯᠡᠬᠦ ᠣ᠊ ∙ ᠪᠤᠶᠠᠨᠨᠡᠮᠡᠬᠦ᠂
- ᠤᠯᠤᠰ ᠤᠨ ᠶᠡᠬᠡ ᠬᠤᠷᠠᠯ ᠤᠨ ᠭᠡᠰᠢᠭᠦᠨ ᠵ ∙ ᠪᠠᠲᠤᠵᠢᠷᠭᠠᠯ᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠪᠣᠳᠣᠯᠭᠠ ᠲᠥᠯᠥᠪᠯᠡᠯᠲᠡ ᠶᠢᠨ ᠭᠠᠵᠠᠷ ᠤᠨ ᠳᠠᠷᠤᠭᠠ ᠴ ∙ ᠪᠣᠯᠣᠷᠴᠢᠯᠠᠭᠤᠨ
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠭᠠᠵᠠᠷ ᠲᠠᠷᠢᠶᠠᠯᠠᠩ ᠤᠨ ᠪᠣᠳᠣᠯᠭᠠ ᠶᠢᠨ ᠬᠡᠷᠡᠭᠵᠢᠯᠲᠡ ᠶᠢ ᠵᠣᠬᠢᠴᠠᠭᠤᠯᠬᠤ ᠭᠠᠵᠠᠷ ᠤᠨ ᠳᠠᠷᠤᠭᠠ ᠳ ∙ ᠶᠢᠰᠦᠨ-ᠡᠷᠳᠡᠨᠢ
- ᠮᠠᠯ ᠡᠮᠨᠡᠯᠭᠡ ᠶᠢᠨ ᠶᠡᠷᠦᠩᠬᠡᠢ ᠭᠠᠵᠠᠷ ᠤᠨ ᠮᠠᠯ ᠠᠮᠢᠲᠠᠨ ᠤ ᠡᠷᠡᠭᠦᠯ ᠮᠡᠨᠳᠦ ᠶᠢᠨ ᠭᠠᠵᠠᠷ ᠤᠨ ᠳᠠᠷᠤᠭᠠ ᠲ ∙ ᠲᠤᠩᠭᠠᠯᠠᠭ ᠨᠠᠷ ᠤᠨ ᠠᠯᠪᠠᠨ ᠤ ᠬᠦᠮᠦᠰ ᠠᠵᠢᠯᠯᠠᠯᠠ᠃
ᠲᠥᠪ ᠠᠶᠢᠮᠠᠭ ᠬᠦᠨᠡᠰᠦᠨ ᠦ ᠬᠠᠩᠭᠠᠮᠵᠢ ᠶᠢᠨ ᠲᠦᠰᠢᠴᠡ ᠪᠥᠰᠡ ᠪᠣᠯᠤᠨᠠ
ᠲᠥᠪ ᠠᠶᠢᠮᠠᠭ ᠤᠨ 《ᠬᠦᠨᠡᠰᠦᠨ ᠦ ᠬᠠᠩᠭᠠᠮᠵᠢ-ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠢ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠳᠠᠷᠤᠭᠠ ᠴ ∙ ᠵᠠᠮᠪᠠᠯᠰᠦ᠋ᠷᠦᠩ ᠨᠡᠭᠡᠭᠡᠵᠦ ᠦᠭᠡ ᠬᠡᠯᠡᠯᠡ᠃ ᠮᠥᠨ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠮᠡᠨᠳᠦᠴᠢᠯᠡᠭᠡ ᠶᠢ ᠶᠡᠷᠦᠩᠬᠡᠶᠢᠯᠡᠭᠴᠢ ᠶᠢᠨ ᠬᠣᠲᠠ᠂ ᠬᠥᠳᠡᠭᠡ ᠶᠢᠨ ᠬᠥᠭᠵᠢᠯ ᠦᠨ ᠪᠣᠳᠣᠯᠭᠠ ᠶᠢᠨ ᠵᠥᠪᠯᠡᠬᠦ ᠣ᠊ ∙ ᠪᠤᠶᠠᠨᠨᠡᠮᠡᠬᠦ ᠤᠩᠰᠢᠵᠤ ᠲᠠᠨᠢᠯᠴᠠᠭᠤᠯᠤᠨ᠂ ᠠᠶᠢᠮᠠᠭ ᠤᠨ ᠵᠠᠰᠠᠭ ᠳᠠᠷᠤᠭᠠ ᠳ ∙ ᠮᠥᠩᠬᠡᠪᠠᠭᠠᠲᠤᠷ ᠲᠤ ᠭᠠᠷᠳᠠᠭᠤᠯᠤᠯᠠ᠃ ᠨᠡᠭᠡᠭᠡᠯᠲᠡ ᠳᠦ ᠤᠯᠤᠰ ᠤᠨ ᠶᠡᠬᠡ ᠬᠤᠷᠠᠯ ᠶᠢᠨ ᠭᠡᠰᠢᠭᠦᠨ ᠵ ∙ ᠪᠠᠲᠤᠵᠢᠷᠭᠠᠯ 《ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠰᠠᠯᠪᠤᠷᠢ ᠶᠢᠨ ᠡᠷᠬᠡ ᠵᠦᠢ ᠶᠢᠨ ᠣᠷᠴᠢᠨ ᠢ ᠰᠠᠶᠢᠵᠢᠷᠠᠭᠤᠯᠬᠤ ᠲᠤᠬᠠᠢ》 ᠢᠯᠡᠳᠬᠡᠯ᠂ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠪᠣᠳᠣᠯᠭᠠ ᠲᠥᠯᠥᠪᠯᠡᠯᠲᠡ ᠶᠢᠨ ᠭᠠᠵᠠᠷ ᠤᠨ ᠳᠠᠷᠤᠭᠠ ᠴ ∙ ᠪᠣᠯᠣᠷᠴᠢᠯᠠᠭᠤᠨ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ ᠤᠨ ᠲᠠᠯᠠ ᠪᠠᠷ ᠠᠪᠬᠤ ᠵᠠᠷᠢᠮ ᠠᠷᠭᠠ ᠬᠡᠮᠵᠢᠶᠡᠨ ᠦ ᠲᠤᠬᠠᠢ》 36 ᠳ᠋ᠤᠭᠠᠷ ᠲᠣᠭᠲᠠᠭᠠᠯ ᠢ ᠬᠡᠷᠡᠭᠵᠢᠭᠦᠯᠬᠦ ᠠᠷᠭᠠ ᠬᠡᠮᠵᠢᠶᠡᠨ ᠦ ᠲᠥᠯᠥᠪᠯᠡᠯᠲᠡ ᠶᠢᠨ ᠲᠤᠬᠠᠢ ᠢᠯᠡᠳᠬᠡᠯ᠂ ᠲᠥᠪ ᠠᠶᠢᠮᠠᠭ ᠤᠨ ᠵᠠᠰᠠᠭ ᠳᠠᠷᠤᠭᠠ ᠳ ∙ ᠮᠥᠩᠬᠡᠪᠠᠭᠠᠲᠤᠷ 《ᠬᠦᠨᠡᠰᠦᠨ ᠦ ᠬᠠᠩᠭᠠᠮᠵᠢ-ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ᠂ 《ᠬᠦᠨᠡᠰᠦᠨ ᠦ ᠬᠤᠪᠢᠰᠬᠠᠯ》 ᠳᠦ ᠲᠥᠪ ᠠᠶᠢᠮᠠᠭ ᠤᠨ ᠣᠷᠣᠯᠴᠠᠭᠠ᠂ ᠠᠶᠢᠮᠠᠭ ᠤᠨ 《ᠬᠥᠳᠡᠭᠡ ᠠᠵᠤ ᠠᠬᠤᠢ᠂ ᠦᠢᠯᠡᠳᠪᠦᠷᠢᠯᠡᠯ ᠦᠨ ᠰᠲ᠋ᠷᠠᠲ᠋ᠧᠭᠢ ᠲᠥᠯᠥᠪᠯᠡᠯᠲᠡ》ᠲᠡᠢ ᠬᠡᠷᠬᠢᠨ ᠤᠶᠠᠯᠳᠤᠭᠤᠯᠬᠤ《 ᠲᠠᠯᠠ ᠪᠠᠷ ᠢᠯᠡᠳᠬᠡᠯ ᠮᠡᠳᠡᠭᠡᠯᠡᠯ ᠬᠦᠷᠭᠡᠪᠡ᠃ ᠲᠥᠪ ᠠᠶᠢᠮᠠᠭᠴᠢ ᠤᠳ 》ᠬᠦᠨᠡᠰᠦᠨ ᠬᠦᠪᠢᠰᠬᠠᠯ《 ᠬᠢᠵᠦ᠂ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠬᠦᠨᠡᠰᠦ ᠡᠺᠰᠫᠣᠷᠲ᠋ᠯᠤᠭᠴᠢ ᠤᠯᠤᠰ ᠪᠣᠯᠬᠤ ᠵᠣᠷᠢᠯᠲᠠ ᠶᠢ ᠬᠠᠩᠭᠠᠬᠤ ᠲᠦᠰᠢᠴᠡ ᠠᠶᠢᠮᠠᠭ᠂ ᠨᠡᠶᠢᠯᠡᢉᠦᠯᠦᢉᠴᠢ ᠠᠶᠢᠮᠠᠬ ᠠᠴᠠ ᠦᠶᠢᠯᠡᠳᠪᠦᠷᠢᠯᠡᢉᠴᠢ ᠠᠶᠢᠮᠠᠭ ᠪᠣᠯᠬᠤ ᠳ᠋ᠤ ᠪᠣᠳᠣᠯᠭᠠ᠂ ᠵᠣᠷᠢᠯᠲᠠ ᠪᠠᠨ ᠳᠡᠪᠰᠢᠭᠦᠯᠦᠨ᠂ ᠬᠡᠷᠡᠭᠵᠢᠭᠦᠯᠦᠨ ᠠᠵᠢᠯᠯᠠᠵᠤ ᠪᠠᠶᠢᠨᠠ᠃
ᠡᠮᠦᠨᠡᠭᠣᠪᠢ ᠠᠶᠢᠮᠠᠭ ᠬᠦᠨᠡᠰᠦᠨ ᠦ ᠠᠶᠤᠯ ᠦᠭᠡᠢ ᠪᠠᠶᠢᠳᠠᠯ ᠢ ᠬᠠᠩᠭᠠᠬᠤ ᠳᠤ ᠴᠢᠭᠯᠡᠭᠰᠡᠨ ᠠᠵᠢᠯ ᠳᠤ ᠬᠥᠷᠦᠩᠭᠡ ᠣᠷᠣᠭᠤᠯᠤᠯᠲᠠ ᠪᠠᠨ ᠲᠠᠲᠠᠨᠠ
ᠡᠮᠦᠨᠡᠭᠣᠪᠢ ᠠᠶᠢᠮᠠᠭ 《ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ ᠢ ᠬᠠᠩᠭᠠᠬᠤ》 ᠲᠠᠯᠠ ᠪᠠᠷ ᠠᠪᠬᠤ ᠠᠷᠭᠠ ᠬᠡᠮᠵᠢᠶᠡᠨ ᠦ ᠲᠤᠬᠠᠢ 36 ᠳᠦᠭᠠᠡᠷ ᠲᠣᠭᠲᠠᠭᠠᠯ ᠢ ᠬᠡᠷᠡᠭᠵᠢᠭᠦᠯᠬᠦ ᠪᠡᠷ 15 ᠵᠣᠷᠢᠯᠲᠠ᠂ 27 ᠠᠷᠭᠠ ᠬᠡᠮᠵᠢᠶᠡ ᠶᠢ ᠠᠪᠴᠤ ᠬᠡᠷᠡᠭᠵᠢᠭᠦᠯᠬᠦ ᠪᠡᠷ ᠲᠥᠯᠥᠪᠯᠡᠵᠡᠢ᠃ ᠡᠭᠦᠨ ᠳᠦ᠄
- ᠬᠦᠨᠡᠰᠦᠨ ᠦ ᠪᠣᠯᠪᠠᠰᠤᠷᠠᠭᠤᠯᠬᠤ ᠦᠢᠯᠡᠳᠪᠦᠷᠢᠯᠡᠯ ᠳᠦ 6 ᠵᠣᠷᠢᠯᠲᠠ᠂ 11 ᠠᠷᠭᠠ ᠬᠡᠮᠵᠢᠶᠡ᠂
- ᠭᠠᠵᠠᠷ ᠲᠠᠷᠢᠶᠠᠯᠠᠩ ᠤᠨ ᠦᠢᠯᠡᠳᠪᠦᠷᠢᠯᠡᠯ ᠳᠦ 6 ᠵᠣᠷᠢᠯᠲᠠ᠂ 9 ᠠᠷᠭᠠ ᠬᠡᠮᠵᠢᠶᠡ᠂
- ᠮᠠᠯ ᠠᠵᠤ ᠠᠬᠤᠢ ᠶᠢᠨ ᠦᠢᠯᠡᠳᠪᠦᠷᠢᠯᠡᠯ ᠳᠦ 3 ᠵᠣᠷᠢᠯᠲᠠ 7 ᠠᠷᠭᠠ ᠬᠡᠮᠵᠢᠶᠡ ᠶᠢ ᠲᠠᠯᠪᠢᠨ ᠠᠵᠢᠯᠯᠠᠵᠤ ᠪᠠᠶᠢᠨᠠ᠃
ᠲᠤᠬᠠᠶᠢᠯᠠᠪᠠᠯ᠂ ᠬᠦᠨᠡᠰᠦᠨ ᠦ ᠪᠣᠯᠪᠠᠰᠤᠷᠠᠭᠤᠯᠬᠤ ᠦᠢᠯᠡᠳᠪᠦᠷᠢᠯᠡᠯ ᠦᠨ ᠴᠢᠭᠯᠡᠯ ᠢᠶᠡᠷ ᠰᠦ᠋ᠨ᠂ ᠰᠦᠨ ᠪᠦᠲᠦᠭᠡᠭᠳᠡᠬᠦᠨ ᠢ ᠨᠡᠮᠡᠭᠳᠡᠭᠦᠯᠬᠦ᠂ ᠮᠠᠯᠴᠢᠳ ᠡᠷᠴᠢᠮᠵᠢᠭᠰᠡᠨ ᠠᠵᠤ ᠠᠬᠤᠢ ᠶᠢ ᠤᠷᠮᠠᠰᠢᠭᠤᠯᠤᠯ ᠳᠤ ᠬᠠᠮᠤᠷᠤᠭᠳᠠᠬᠤ ᠪᠣᠯᠤᠮᠵᠢ ᠶᠢ ᠪᠦᠷᠢᠳᠦᠭᠦᠯᠦᠨᠡ᠃ ᠣᠷᠣᠨ ᠨᠤᠲᠤᠭ ᠲᠤ ᠦᠢᠯᠡ ᠠᠵᠢᠯᠯᠠᠭᠠ ᠶᠠᠪᠤᠭᠤᠯᠵᠤ ᠪᠠᠶᠢᠭᠠ ᠲᠣᠮᠣᠬᠠᠨ ᠲᠥᠰᠥᠯ ᠦᠳ ᠲᠦ ᠬᠠᠩᠭᠠᠨ ᠨᠡᠶᠢᠯᠡᠭᠦᠯᠦᠯᠲᠡ ᠶᠢᠨ ᠪᠦᠲᠦᠭᠡᠭᠳᠡᠬᠦᠨ ᠦ ᠲᠥᠷᠥᠯ ᠬᠡᠮᠵᠢᠶᠡ ᠶᠢ ᠨᠡᠮᠡᠭᠳᠡᠭᠦᠯᠵᠦ ᠰᠠᠪᠠ ᠪᠠᠭᠯᠠᠭᠠ ᠪᠣᠭᠣᠳᠠᠯ ᠤᠨ ᠦᠢᠯᠡᠳᠪᠦᠷᠢ ᠪᠠᠶᠢᠭᠤᠯᠬᠤ᠂ ᠲᠠᠯᠬᠠ᠂ ᠨᠠᠷᠢᠨ ᠪᠣᠣᠪᠣᠨ ᠤ ᠦᠢᠯᠡᠳᠪᠦᠷᠢᠯᠡᠯ ᠳᠦ ᠲᠧᠭᠨᠣᠯᠣᠭᠢ ᠶᠢᠨ ᠰᠢᠨᠡᠴᠢᠯᠡᠯ ᠬᠢᠵᠦ᠂ ᠳᠤᠮᠳᠠ ᠣᠪᠣᠷ ᠤᠨ ᠲᠣᠨᠣᠭ ᠲᠥᠬᠥᠭᠡᠷᠦᠮᠵᠢ ᠨᠡᠶᠢᠯᠡᠭᠦᠯᠦᠯᠲᠡ ᠪᠡᠷ ᠳᠡᠮᠵᠢᠨ ᠠᠵᠢᠯᠯᠠᠨᠠ᠃ ᠣᠷᠭᠠᠨᠢᠭ ᠬᠦᠨᠡᠰᠦᠨ ᠦ ᠪᠠᠲᠤᠯᠠᠭᠠᠵᠢᠭᠤᠯᠤᠯᠲᠠ ᠶᠢᠨ ᠪᠠᠶᠢᠭᠤᠯᠤᠯᠭᠠ ᠶᠢ ᠪᠠᠶᠢᠭᠤᠯᠵᠤ᠂ ᠣᠷᠭᠠᠨᠢᠭ ᠬᠦᠨᠡᠰᠦᠨ ᠦ ᠪᠦᠲᠦᠭᠡᠭᠳᠡᠬᠦᠨ ᠦᠢᠯᠡᠳᠪᠦᠷᠢᠯᠡᠯ ᠢ ᠬᠥᠭᠵᠢᠭᠦᠯᠦᠨ᠂ ᠲᠦᠭᠦᠬᠡᠢ ᠡᠳ᠋ ᠪᠡᠯᠡᠳᠬᠡᠨ ᠨᠡᠶᠢᠯᠡᠭᠦᠯᠦᠯᠲᠡ ᠶᠢ ᠺᠯᠠᠰᠲ᠋ᠸᠷ ᠢᠶᠠᠷ ᠬᠥᠭᠵᠢᠭᠦᠯᠵᠦ᠂ ᠪᠦᠲᠦᠭᠡᠭᠳᠡᠬᠦᠨ ᠪᠣᠷᠣᠯᠠᠭᠤᠯᠤᠯᠲᠠ ᠶᠢᠨ ᠺᠯᠠᠰᠲ᠋ᠸᠷ ᠳ᠋ᠠᠬᠢ ᠳᠤᠮᠳᠠ ᠶᠢᠨ ᠰᠦᠯᠵᠢᠶᠡ ᠡᠭᠦᠰᠭᠡᠬᠦ᠂ ᠬᠣᠷᠰᠢᠬᠤ ᠨᠢᠭᠡᠳᠬᠥ ᠪᠣᠯᠤᠮᠵᠢ ᠶᠢ ᠳᠡᠮᠵᠢᠨ ᠠᠵᠢᠯᠯᠠᠬᠤ ᠪᠠᠷ ᠲᠥᠯᠥᠪᠯᠡᠨ ᠠᠵᠢᠯᠯᠠᠵᠤ ᠪᠠᠶᠢᠨᠠ᠃
ᠳᠤᠮᠳᠠᠭᠤᠪᠢ ᠠᠶᠢᠮᠠᠭ ᠳᠣᠲᠣᠭᠠᠳᠤ ᠶᠢᠨ ᠦᠢᠯᠡᠳᠪᠦᠷᠢᠯᠡᠯ ᠢᠶᠡᠨ ᠨᠡᠮᠡᠭᠳᠡᠭᠦᠯᠦᠨᠡ
ᠳᠤᠮᠳᠠᠭᠤᠪᠢ ᠠᠶᠢᠮᠠᠭ ᠭᠣᠣᠯ ᠨᠡᠷᠡ ᠶᠢᠨ ᠬᠦᠨᠡᠰᠦᠨ ᠦ ᠪᠦᠲᠦᠭᠡᠭᠳᠡᠬᠦᠨ ᠦ ᠳᠣᠲᠣᠭᠠᠳᠤ ᠶᠢᠨ ᠦᠢᠯᠡᠳᠪᠦᠷᠢᠯᠡᠯ ᠢ ᠨᠡᠮᠡᠭᠳᠡᠭᠦᠯᠵᠦ᠂ ᠬᠠᠩᠭᠠᠮᠵᠢ ᠶᠢᠨ ᠬᠤᠪᠢ ᠢ ᠥᠰᠬᠡᠬᠦ᠂ ᠰᠲ᠋ᠠᠨᠳᠠᠷᠲ ᠡᠷᠡᠭᠦᠯ ᠠᠬᠤᠢ ᠶᠢᠨ ᠱᠠᠭᠠᠷᠳᠠᠯᠭᠠ ᠳᠤ ᠨᠡᠶᠢᠴᠡᠭᠰᠡᠨ᠂ ᠠᠶᠤᠯ ᠦᠭᠡᠢ ᠮᠢᠬᠠ ᠮᠢᠬᠠᠨ ᠪᠦᠲᠦᠭᠡᠭᠳᠡᠬᠦᠨ᠂ ᠦᠢᠯᠡᠳᠪᠦᠷᠢ ᠶᠢᠨ ᠠᠷᠭᠠ ᠪᠠᠷ ᠪᠣᠯᠪᠠᠰᠤᠷᠠᠭᠤᠯᠤᠭᠰᠠᠨ ᠰᠦ᠋ᠨ᠂ ᠰᠦᠨ ᠪᠦᠲᠦᠭᠡᠭᠳᠡᠬᠦᠨ ᠢᠶᠡᠷ ᠬᠦᠮᠦᠨ ᠠᠮᠠ ᠶᠢᠨ ᠢᠶᠠᠨ ᠬᠡᠷᠡᠭᠴᠡᠭᠡ ᠶᠢ ᠬᠠᠩᠭᠠᠬᠤ ᠶᠢ ᠵᠣᠷᠢᠵᠤ ᠪᠠᠶᠢᠨᠠ᠃ ᠲᠤᠰ ᠠᠶᠢᠮᠠᠭ 2022 ᠣᠨ ᠳᠤ 65᠂9 ᠭᠠ᠂ ᠲᠠᠯᠠᠪᠠᠢ ᠠᠴᠠ 419᠂2 ᠲᠣᠨᠨ ᠤᠷᠭᠤᠴᠠ ᠬᠤᠷᠢᠶᠠᠨ ᠠᠪᠴᠤ᠂ ᠬᠦᠮᠦᠨ ᠠᠮᠠ ᠶᠢᠨ ᠬᠦᠨᠡᠰᠦᠨ ᠦ ᠨᠣᠭᠣᠭᠠᠨ ᠤ ᠬᠡᠷᠡᠭᠴᠡᠭᠡᠨ ᠦ 4᠂5 ᠬᠤᠪᠢ᠂ ᠲᠥᠮᠦᠰᠦᠨ ᠦ 14᠂5 ᠬᠤᠪᠢ ᠢ ᠬᠠᠩᠭᠠᠵᠠᠢ᠃ ᠴᠢᠨᠠᠭᠰᠢᠳᠠ ᠬᠠᠮᠠᠭᠠᠯᠠᠭᠳᠠᠭᠰᠠᠨ ᠬᠥᠷᠦᠰᠦᠨ ᠦ ᠲᠠᠷᠢᠶᠠᠯᠠᠯᠲᠠ ᠶᠢ ᠡᠷᠴᠢᠮᠵᠢᠭᠦᠯᠦᠨ ᠬᠤᠷᠢᠶᠠᠨ ᠠᠪᠬᠤ ᠤᠷᠭᠤᠴᠠ ᠶᠢᠨ ᠬᠡᠮᠵᠢᠶᠡ ᠶᠢ ᠨᠡᠮᠡᠭᠳᠡᠭᠦᠯᠵᠦ᠂ ᠡᠺᠣᠯᠣᠭᠢ ᠢᠢᠨ ᠴᠡᠪᠡᠷ ᠪᠦᠲᠦᠭᠡᠭᠳᠡᠬᠦᠨ ᠢᠶᠡᠷ ᠬᠦᠮᠦᠨ ᠠᠮᠠ ᠶᠢᠨ ᠲᠥᠮᠥᠰᠥ᠂ ᠬᠦᠨᠡᠰᠦᠨ ᠦ ᠨᠣᠭᠣᠭᠠᠨ ᠤ ᠬᠡᠷᠡᠭᠴᠡᠭᠡᠨ ᠦ 40 ᠬᠤᠪᠢ ᠢ ᠬᠠᠩᠭᠠᠬᠤ ᠵᠣᠷᠢᠯᠲᠠ ᠲᠠᠯᠪᠢᠵᠠᠢ᠃ 2021 ᠣᠨ ᠤ ᠵᠢᠯ ᠦᠨ ᠡᠴᠦᠰ ᠦᠨ ᠮᠠᠯ ᠲᠣᠭᠠᠯᠠᠯᠭᠠ ᠪᠠᠷ ᠲᠤᠰ ᠠᠶᠢᠮᠠᠭ 3170484 ᠲᠣᠯᠣᠭᠠᠢ ᠮᠠᠯ ᠲᠣᠭᠠᠯᠠᠭᠤᠯᠤᠭᠰᠠᠨ ᠪᠥᠭᠡᠳ ᠴᠢᠨᠠᠭᠰᠢᠳᠠ ᠡᠷᠡᠭᠦᠯ᠂ ᠴᠢᠨᠠᠷᠲᠠᠢ᠂ ᠠᠰᠢᠭ ᠰᠢᠮᠡ ᠥᠨᠳᠥᠷ ᠲᠡᠢ ᠮᠠᠯ ᠢ ᠥᠰᠬᠡᠨ ᠦᠷᠡᠵᠢᠭᠦᠯᠵᠦ᠂ ᠬᠦᠮᠦᠨ ᠠᠮᠠ ᠶᠢ ᠡᠷᠡᠭᠦᠯ ᠬᠦᠨᠡᠰᠦ ᠪᠡᠷ ᠬᠠᠩᠭᠠᠬᠤ ᠪᠠᠷ ᠲᠥᠯᠥᠪᠯᠡᠵᠦ ᠪᠠᠶᠢᠨᠠ᠃
ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭᠠ ᠲ ∙ ᠵᠠᠮᠪᠠᠯᠴᠡᠷᠡᠩ ᠢᠶᠡᠷ ᠠᠬᠠᠯᠠᠭᠤᠯᠤᠭᠰᠠᠨ ᠠᠵᠢᠯ ᠤᠨ ᠬᠡᠰᠡᠭ ᠬᠠᠩᠭᠠᠢ ᠶᠢᠨ ᠪᠥᠰᠡ ᠶᠢᠨ 5 ᠠᠶᠢᠮᠠᠭ ᠲᠤ ᠠᠵᠢᠯᠯᠠᠯᠠ
ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭᠠ ᠲ ∙ ᠵᠠᠮᠪᠠᠯᠴᠡᠷᠡᠩ ᠢᠶᠡᠷ ᠠᠬᠠᠯᠠᠭᠤᠯᠤᠭᠰᠠᠨ ᠠᠵᠢᠯ ᠤᠨ ᠬᠡᠰᠡᠭ ᠥᠪᠦᠷᠬᠠᠩᠭᠠᠢ᠂ ᠤᠪᠰ᠂ ᠵᠠᠪᠬᠠᠨ᠂ ᠪᠠᠶᠠᠨ-ᠥᠯᠥᠭᠡᠢ᠂ ᠠᠷᠤᠬᠠᠩᠭᠠᠢ ᠠᠶᠢᠮᠠᠭ ᠲᠤ ᠠᠵᠢᠯᠯᠠᠯᠠ᠃
ᠠᠵᠢᠯ ᠤᠨ ᠬᠡᠰᠡᠭ ᠲᠦ᠄
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭᠠ ᠲ ∙ ᠵᠠᠮᠪᠠᠯᠴᠡᠡᠷᠡᠩ᠂
- ᠵᠢᠭᠡᠯᠡ ᠶᠢᠨ ᠪᠠᠲᠤᠯᠠᠨ ᠳᠠᠭᠠᠭᠠᠯᠲᠠ ᠶᠢᠨ ᠰᠠᠩ ᠤᠨ ᠭᠠᠵᠠᠷ ᠤᠨ ᠳᠠᠷᠤᠭᠠ ᠬ ∙ ᠵᠠᠶᠠᠵᠢᠷᠭᠠᠯ᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠪᠣᠳᠣᠯᠭᠠ ᠲᠥᠯᠥᠪᠯᠡᠯᠲᠡ ᠶᠢᠨ ᠭᠠᠵᠠᠷ ᠤᠨ ᠰᠢᠨᠵᠢᠭᠡᠴᠢ ᠡ᠊ ∙ ᠰᠤᠭᠤᠷᠪᠠᠶᠠᠷ᠂
- ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠪᠣᠳᠣᠯᠭᠠ ᠲᠥᠯᠥᠪᠯᠡᠯᠲᠡ ᠶᠢᠨ ᠭᠠᠵᠠᠷ ᠤᠨ ᠮᠡᠷᠭᠡᠵᠢᠯᠲᠡᠨ ᠪ ∙ ᠡᠩᠬᠡᠴᠡᠴᠡᠭ
- ᠬᠥᠭᠵᠢᠯ ᠦᠨ ᠪᠣᠳᠣᠯᠭᠠ᠂ ᠲᠥᠯᠥᠪᠯᠡᠯᠲᠡ᠂ ᠬᠥᠷᠥᠩᠭᠡ ᠣᠷᠣᠭᠤᠯᠤᠯᠲᠠ ᠶᠢᠨ ᠬᠡᠯᠲᠡᠰ ᠦᠨ ᠳᠠᠷᠤᠭᠠ ᠬ ∙ ᠠᠨᠠᠷ᠂
- ᠲᠥᠰᠥᠯ ᠦᠨ ᠵᠠᠬᠢᠷᠤᠯ ᠵ ∙ ᠲᠦᠪᠰᠢᠨᠰᠠᠨᠠᠭᠠ᠂
- ᠲᠥᠰᠥᠯ ᠦᠨ ᠳᠡᠳ᠋ ᠵᠣᠬᠢᠴᠠᠭᠤᠯᠤᠭᠴᠢ ᠰᠤ ∙ ᠭᠦᠨ-ᠤᠶᠠᠩᠭᠠ᠂
- ᠲᠥᠰᠥᠯ ᠦᠨ ᠬᠠᠤᠯᠢᠴᠢ ᠭ ∙ ᠠᠷᠢᠭᠤᠨᠪᠠᠶᠠᠷ ᠨᠠᠷ ᠤᠨ ᠠᠯᠪᠠᠨ ᠤ ᠬᠦᠮᠦᠰ ᠠᠵᠢᠯᠯᠠᠯᠠ᠃
ᠥᠪᠦᠷᠬᠠᠩᠭᠠᠢ ᠠᠶᠢᠮᠠᠭ ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ ᠢ ᠬᠠᠩᠭᠠᠬᠤ ᠴᠢᠭᠯᠡᠯ ᠢᠶᠡᠷ 40 ᠠᠵᠢᠯ ᠬᠡᠷᠡᠭᠵᠢᠭᠦᠯᠦᠨᠡ
ᠬᠦᠨᠡᠰᠦᠨ ᠦ ᠠᠶᠤᠯ ᠦᠭᠡᠢ ᠪᠠᠶᠢᠳᠠᠯ ᠢ ᠬᠠᠩᠭᠠᠬᠤ᠂ ᠬᠦᠨᠡᠰᠦᠨ ᠦ ᠪᠦᠲᠦᠭᠡᠭᠳᠡᠬᠦᠨ ᠢᠶᠡᠷ ᠳᠣᠲᠣᠭᠠᠳᠤ ᠶᠢᠨ ᠬᠡᠷᠡᠭᠴᠡᠭᠡ ᠪᠡᠨ ᠪᠦᠷᠢᠨ ᠬᠠᠩᠭᠠᠵᠤ᠂ ᠮᠠᠯ ᠠᠵᠤ ᠠᠬᠤᠢ᠂ ᠭᠠᠵᠠᠷ ᠲᠠᠷᠢᠶᠠᠯᠠᠩ ᠢ ᠪᠠᠨ ᠡᠷᠴᠢᠮᠵᠢᠭᠦᠯᠦᠨ ᠬᠥᠭᠵᠢᠭᠦᠯᠬᠦ᠂ ᠪᠥᠰᠡ ᠨᠤᠲᠤᠭ ᠲᠤ ᠪᠠᠨ ᠣᠷᠭᠠᠨᠢᠭ ᠬᠦᠨᠡᠰᠦ ᠡᠺᠰᠫᠣᠷᠲ᠋ᠯᠤᠭᠴᠢ ᠤᠯᠤᠰ ᠪᠣᠯᠭᠠᠬᠤ ᠵᠣᠷᠢᠯᠭᠠ ᠲᠠᠢ ᠲᠤᠰ ᠬᠥᠳᠡᠯᠭᠡᠭᠡᠨ ᠳᠦ ᠥᠪᠦᠷᠬᠠᠩᠭᠠᠢ ᠠᠶᠢᠮᠠᠭ ᠣᠯᠠᠨ ᠲᠣᠮᠣᠬᠠᠨ ᠵᠣᠷᠢᠯᠲᠠ ᠶᠢ ᠳᠡᠪᠰᠢᠭᠦᠯᠵᠦ ᠪᠠᠶᠢᠨᠠ᠃ ᠲᠤᠬᠠᠶᠢᠯᠠᠪᠠᠯ᠂ ᠲᠠᠷᠢᠶᠠᠯᠠᠩ ᠤᠨ ᠡᠷᠭᠢᠯᠲᠡ ᠶᠢᠨ ᠲᠠᠯᠠᠪᠠᠢ ᠶᠢ 20 ᠮᠢᠩᠭᠠᠨ ᠭᠠ᠂ ᠳᠦ ᠬᠦᠷᠭᠡᠵᠦ᠂ ᠦᠷᠡ ᠲᠠᠷᠢᠶᠠ᠂ ᠲᠥᠮᠥᠰᠥ ᠪᠡᠷ ᠬᠦᠮᠦᠨ ᠠᠮᠠ ᠶᠢᠨ ᠬᠡᠷᠡᠭᠴᠡᠭᠡ ᠶᠢ 100 ᠬᠤᠪᠢ᠂ ᠬᠦᠨᠡᠰᠦᠨ ᠦ ᠨᠣᠭᠣᠭᠠ ᠪᠠᠷ 50 ᠬᠤᠪᠢ ᠬᠠᠩᠭᠠᠬᠤ᠂ ᠮᠠᠯ ᠤᠨ ᠲᠡᠵᠢᠭᠡᠯ ᠦᠨ ᠲᠠᠷᠢᠶᠠᠯᠠᠯᠲᠠ ᠶᠢ 5.5 ᠮᠢᠩᠭᠠᠨ ᠭᠠ᠂ ᠳᠦ ᠬᠦᠷᠭᠡᠬᠦ᠂ ᠮᠠᠯ ᠠᠵᠤ ᠠᠬᠤᠢ ᠶᠢᠨ ᠡᠷᠴᠢᠮᠵᠢᠭᠰᠡᠨ ᠪᠣᠯᠤᠨ ᠲᠤᠰᠯᠠᠬᠤ ᠠᠵᠤ ᠠᠬᠤᠢ ᠶᠢ ᠪᠠᠶᠢᠭᠤᠯᠬᠤ᠂ 10 ᠰᠤᠮᠤᠨ ᠳᠤ ᠮᠠᠯ ᠡᠮᠨᠡᠯᠭᠡ ᠶᠢᠨ ᠠᠩᠬᠠᠨ ᠱᠠᠲᠤᠨ ᠤ ᠠᠷᠢᠭᠤᠨ ᠴᠡᠪᠡᠷ ᠦᠨ ᠯᠠᠪᠤᠷᠠᠲ᠋ᠣᠷᠢ ᠪᠤᠢ ᠪᠣᠯᠭᠠᠬᠤ ᠭᠡᠬᠦᠴᠢᠯᠡᠨ 40 ᠠᠵᠢᠯ ᠢ 2027 ᠣᠨ ᠬᠦᠷᠲᠡᠯᠡ ᠠᠪᠴᠤ ᠬᠡᠷᠡᠭᠵᠢᠭᠦᠯᠬᠦ ᠠᠵᠡᠢ ᠃
ᠪᠠᠶᠠᠨ-ᠥᠯᠥᠭᠡᠢ ᠠᠶᠢᠮᠠᠭ ᠨᠡᠶᠢᠲᠡ 34 ᠠᠵᠢᠯ ᠢ ᠬᠡᠷᠡᠭᠵᠢᠭᠦᠯᠬᠦ ᠪᠡᠷ ᠲᠤᠰᠬᠠᠭᠰᠠᠨ
ᠪᠠᠶᠠᠨ-ᠥᠯᠥᠭᠡᠢ ᠠᠶᠢᠮᠠᠭ ᠤᠨ ᠬᠡᠮᠵᠢᠶᠡᠨ ᠳᠦ ᠮᠠᠯ ᠠᠵᠤ ᠠᠬᠤᠢ᠂ ᠬᠦᠨᠡᠰᠦ ᠦᠢᠯᠡᠳᠪᠦᠷᠢᠯᠡᠯ᠂ ᠭᠠᠵᠠᠷ ᠲᠠᠷᠢᠶᠠᠯᠠᠩ᠂ ᠬᠥᠩᠭᠡᠨ ᠦᠢᠯᠡᠳᠪᠦᠷᠢ ᠶᠢᠨ ᠰᠠᠯᠪᠤᠷᠢ ᠶᠢᠨ 1280 ᠭᠠᠷᠤᠢ ᠵᠢᠵᠢᠭ᠂ ᠳᠤᠮᠳᠠ ᠠᠵᠤ ᠠᠬᠤᠢ ᠨᠢᠭᠡᠴᠡ ᠦᠢᠯᠡ ᠠᠵᠢᠯᠯᠠᠭᠠ ᠶᠢ ᠪᠠᠨ ᠶᠠᠪᠤᠭᠤᠯᠳᠠᠭ ᠪᠠᠶᠢᠨᠠ᠃ ᠡᠭᠦᠨ ᠡᠴᠡ 《ᠬᠦᠨᠡᠰᠦᠨ ᠦ ᠬᠤᠪᠢᠰᠬᠠᠯ》 ᠵᠥᠪᠯᠡᠭᠡᠨ ᠳᠦ 13 ᠰᠤᠮᠤ ᠶᠢᠨ ᠨᠡᠶᠢᠲᠡ 200 ᠭᠠᠷᠤᠢ ᠬᠦᠮᠦᠨ ᠣᠷᠣᠯᠴᠠᠵᠤ᠂ 25 ᠠᠵᠤ ᠠᠬᠤᠢ ᠨᠢᠭᠡᠴᠡ ᠦᠵᠡᠰᠬᠦᠯᠡᠩ ᠬᠤᠳᠠᠯᠳᠤᠭᠠ ᠵᠣᠬᠢᠶᠠᠨ ᠪᠠᠶᠢᠭᠤᠯᠤᠯᠠ᠃ ᠪᠠᠶᠠᠨ-ᠥᠯᠥᠭᠡᠢ ᠠᠶᠢᠮᠠᠭ ᠤᠨ ᠬᠦᠨᠡᠰᠦ᠂ ᠬᠥᠳᠡᠭᠡ ᠠᠵᠤ ᠠᠬᠤᠢ ᠶᠢᠨ ᠭᠠᠵᠠᠷ ᠤᠨ ᠳᠠᠷᠤᠭᠠ ᠪ ∙ ᠨᠤᠷᠭᠤᠯᠠᠨ 《ᠬᠦᠨᠡᠰᠦᠨ ᠦ ᠬᠠᠩᠭᠠᠮᠵᠢ ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠦ ᠲᠤᠰ ᠠᠶᠢᠮᠠᠭ ᠲᠤ 2022-2027 ᠣᠨ ᠳᠤ ᠬᠡᠷᠡᠭᠵᠢᠭᠦᠯᠬᠦ ᠠᠵᠢᠯ ᠤᠨ ᠲᠥᠯᠥᠪᠯᠡᠭᠡ ᠶᠢ ᠲᠠᠨᠢᠯᠴᠠᠭᠤᠯᠤᠯᠠ᠃ ᠲᠤᠰ ᠲᠥᠯᠦᠪᠯᠡᠭᠡᠨ ᠳᠦ ᠨᠡᠶᠢᠲᠡ 34 ᠠᠵᠢᠯ ᠢ ᠬᠡᠷᠡᠭᠵᠢᠭᠦᠯᠬᠦ ᠪᠡᠷ ᠲᠤᠰᠬᠠᠭᠰᠠᠨ ᠪᠠ 11 ᠨᠢ ᠤᠳᠤᠷᠢᠳᠤᠯᠭᠠ ᠵᠣᠬᠢᠶᠠᠨ ᠪᠠᠶᠢᠭᠤᠯᠤᠯᠲᠠ ᠶᠢᠨ ᠴᠢᠭᠯᠡᠯ ᠢᠶᠡᠷ᠂ 7 ᠨᠢ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠦᠨ ᠰᠠᠯᠪᠤᠷᠢ ᠶᠢᠨ᠂ 8 ᠨᠢ ᠮᠠᠯ ᠠᠵᠤ ᠠᠬᠤᠢ ᠶᠢᠨ ᠦᠢᠯᠡᠳᠪᠦᠷᠢᠯᠡᠯ ᠦᠨ᠂ 8 ᠨᠢ ᠬᠦᠨᠡᠰᠦᠨ ᠦ ᠦᠢᠯᠡᠳᠪᠦᠷᠢᠯᠡᠯ ᠦᠨ ᠰᠠᠯᠪᠤᠷᠢ ᠶᠢᠨ ᠴᠢᠭᠯᠡᠯ ᠢᠶᠡᠷ ᠬᠡᠷᠡᠭᠵᠢᠨᠡ ᠭᠡᠳᠡᠭ ᠢ ᠲᠡᠷᠡ ᠪᠡᠷ ᠣᠨᠴᠠᠯᠠᠯᠠ᠃ ᠪᠠᠶᠠᠨ-ᠥᠯᠥᠭᠡᠢ ᠠᠶᠢᠮᠠᠭ ᠤᠨ ᠵᠢᠵᠢᠭ᠂ ᠳᠤᠮᠳᠠ ᠪᠢᠽᠢᠨ᠋ᠧᠰ ᠡᠷᠬᠢᠯᠡᠭᠴᠢᠳ 《ᠬᠦᠨᠡᠰᠦᠨ ᠦ ᠬᠤᠪᠢᠰᠬᠠᠯ》ᠬᠥᠳᠡᠯᠭᠡᠭᠡᠨ ᠢ ᠳᠡᠮᠵᠢᠵᠦ᠂ ᠳᠣᠲᠣᠭᠠᠳᠤ ᠠᠴᠠ ᠪᠠᠨ ᠬᠦᠨᠡᠰᠦᠨ ᠦ ᠪᠦᠲᠦᠭᠡᠭᠳᠡᠬᠦᠨ ᠢᠶᠡᠨ ᠬᠠᠩᠭᠠᠨᠠ ᠭᠡᠳᠡᠭ ᠢᠶᠡᠨ ᠢᠯᠡᠷᠬᠡᠶᠢᠯᠡᠯᠡ᠃
ᠤᠪᠰ ᠠᠶᠢᠮᠠᠭ 《ᠬᠦᠨᠡᠰᠦᠨ ᠦ ᠬᠠᠩᠭᠠᠮᠵᠢ-ᠠᠶᠤᠯ ᠦᠭᠡᠢ ᠪᠠᠶᠢᠳᠠᠯ》 ᠦᠨᠳᠦᠰᠦᠨ ᠦ ᠬᠥᠳᠡᠯᠭᠡᠭᠡᠨ ᠢ ᠠᠯᠪᠠᠨ ᠶᠣᠰᠣ ᠪᠠᠷ ᠡᠬᠢᠯᠡᠭᠦᠯᠦᠯᠡ
ᠤᠪᠰ ᠠᠶᠢᠮᠠᠭ ᠲᠤ ᠦᠢᠯᠡᠳᠪᠦᠷᠢᠯᠡᠭᠳᠡᠵᠦ ᠪᠠᠶᠢᠭᠰᠠᠨ ᠪᠦᠲᠦᠭᠡᠭᠳᠡᠬᠦᠨ ᠢ ᠴᠢᠨᠠᠷ ᠤᠨ ᠥᠨᠳᠥᠷ ᠲᠦᠪᠰᠢᠨ ᠳᠦ ᠪᠣᠯᠪᠠᠰᠤᠷᠠᠭᠤᠯᠵᠤ ᠨᠢᠭᠡ ᠺᠯᠠᠰᠲ᠋ᠸᠷ ᠲᠤ ᠨᠢᠭᠡᠳᠬᠡᠵᠡᠢ᠃ ᠤᠪᠰ ᠠᠶᠢᠮᠠᠭ ᠲᠤ ᠦᠢᠯᠡ ᠠᠵᠢᠯᠯᠠᠭᠠ ᠶᠢ ᠪᠠᠨ ᠶᠠᠪᠤᠭᠤᠯᠳᠠᠭ ᠴᠢᠨᠠᠷ᠂ ᠰᠲ᠋ᠠᠨᠳᠠᠷᠲ ᠤᠨ ᠱᠠᠭᠠᠷᠳᠠᠯᠭᠠ ᠬᠠᠩᠭᠠᠭᠰᠠᠨ ᠬᠤᠪᠢ ᠪᠠᠷ ᠢᠢᠠᠨ ᠪᠢᠽᠢᠨ᠋ᠧᠰ ᠡᠷᠬᠢᠯᠡᠭᠴᠢ ᠪᠣᠯᠤᠨ ᠵᠢᠵᠢᠭ ᠳᠤᠮᠳᠠ ᠪᠢᠽᠢᠨ᠋ᠧᠰ ᠡᠷᠬᠢᠯᠡᠭᠴᠢᠳ ᠦᠨ ᠦᠢᠯᠡᠳᠪᠦᠷᠢᠯᠡᠭᠰᠡᠨ ᠪᠠᠷᠠᠭᠠ ᠪᠦᠲᠦᠭᠡᠭᠳᠡᠬᠦᠨ ᠢ ᠨᠢᠭᠡᠳᠬᠡᠨ 《UBC ᠪᠷᠡᠨᠳ᠋》 ᠢᠢ ᠪᠠᠶᠢᠭᠤᠯᠵᠠᠢ᠃ ᠤᠪᠰ ᠠᠶᠢᠮᠠᠭ ᠤᠨ ᠬᠦᠨᠡᠰᠦ᠂ ᠬᠥᠳᠡᠭᠡ᠂ ᠠᠵᠤ ᠠᠬᠤᠢ ᠶᠢᠨ ᠭᠠᠵᠠᠷ ᠠᠴᠠ ᠦᠢᠯᠡᠳᠪᠦᠷᠢᠯᠡᠭᠰᠡᠨ ᠪᠦᠲᠦᠭᠡᠭᠳᠡᠬᠦᠨ ᠢᠶᠡᠨ ᠴᠢᠨᠠᠷ ᠤᠨ ᠥᠨᠳᠥᠷ ᠲᠦᠪᠰᠢᠨ ᠳᠦ ᠪᠡᠯᠡᠳᠬᠡᠵᠦ᠂ ᠡᠺᠰᠫᠣᠷᠲ᠋ ᠲᠣ ᠭᠠᠷᠭᠠᠬᠤ ᠵᠣᠷᠢᠯᠲᠠ ᠲᠠᠯᠪᠢᠨ ᠠᠵᠢᠯᠯᠠᠵᠤ ᠪᠤᠢ ᠶᠢ ᠪᠠᠨ ᠢᠯᠡᠷᠬᠡᠶᠢᠯᠡᠵᠦ ᠪᠠᠶᠢᠭᠰᠠᠨ ᠶᠤᠮ᠃
ᠵᠠᠪᠬᠠᠨ ᠠᠶᠢᠮᠠᠭ ᠨᠡᠶᠢᠲᠡ 33 ᠵᠣᠷᠢᠯᠲᠠ 20 ᠠᠷᠭᠠ ᠬᠡᠮᠵᠢᠶᠡ ᠪᠦᠬᠦᠢ ᠲᠥᠯᠥᠪᠯᠡᠭᠡ ᠶᠢ ᠪᠣᠯᠪᠠᠰᠤᠷᠠᠭᠤᠯᠤᠨ ᠠᠵᠢᠯᠯᠠᠵᠤ ᠪᠠᠶᠢᠨᠠ
《ᠵᠠᠪᠬᠠᠨ ᠠᠶᠢᠮᠠᠭ ᠰᠦᠨ ᠦ ᠦᠢᠯᠡᠳᠪᠦᠷᠢ ᠦᠭᠡᠢ ᠡᠴᠡ ᠬᠦᠮᠦᠨ ᠦ ᠪᠡᠶᠡ ᠳᠦ ᠨᠡᠩ ᠱᠠᠭᠠᠷᠳᠠᠯᠭᠠ ᠲᠠᠢ ᠰᠦ᠋ᠨ᠂ ᠰᠦᠨ ᠪᠦᠲᠦᠭᠡᠭᠳᠡᠬᠦᠨ ᠦ ᠬᠡᠷᠡᠭᠴᠡᠭᠡ ᠪᠡᠨ ᠬᠠᠩᠭᠠᠵᠤ ᠴᠢᠳᠠᠳᠠᠭ ᠦᠭᠡᠢ᠃ ᠬᠠᠷᠢᠨ 》ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ《 ᠬᠥᠳᠡᠯᠭᠡᠭᠡᠨ ᠦ ᠬᠦᠷᠢᠶᠡᠨ ᠳᠦ ᠰᠠᠩᠬᠦᠵᠢᠯᠲᠡ ᠣᠯᠭᠣᠭᠳᠠᠭᠰᠠᠨ ᠢᠢᠠᠷ ᠰᠦᠨ ᠦ ᠦᠢᠯᠡᠳᠪᠦᠷᠢ ᠪᠠᠶᠢᠭᠤᠯᠬᠤ ᠪᠣᠯᠤᠮᠵᠢ ᠲᠠᠢ ᠪᠣᠯᠵᠤ ᠪᠠᠶᠢᠨᠠ᠃ ᠬᠦᠨᠡᠰᠦᠨ ᠦ ᠨᠣᠭᠣᠭᠠᠨ ᠤ ᠬᠤᠪᠢ ᠳᠤ 30 ᠬᠦᠷᠬᠦ ᠦᠭᠡᠢ ᠬᠤᠪᠢ ᠢ ᠳᠣᠲᠣᠭᠠᠳᠤ ᠠᠴᠠ ᠪᠠᠨ ᠬᠠᠩᠭᠠᠳᠠᠭ᠃ ᠴᠢᠨᠠᠭᠰᠢᠳᠠ ᠬᠦᠨᠡᠰᠦᠨ ᠦ ᠨᠣᠭᠣᠭᠠᠨ ᠤ ᠬᠡᠷᠡᠭᠴᠡᠭᠡ ᠪᠡᠨ ᠪᠦᠷᠢᠨ ᠬᠠᠩᠭᠠᠳᠠᠭ ᠪᠣᠯᠬᠤ ᠵᠣᠷᠢᠯᠲᠠ ᠲᠠᠯᠪᠢᠵᠤ᠂ ᠡᠨᠡ ᠬᠦᠷᠢᠶᠡᠨ ᠳᠦ 1000 ᠲᠣᠨᠨ ᠤᠨ ᠪᠠᠭᠲᠠᠭᠠᠮᠵᠢ ᠲᠠᠢ ᠬᠦᠨᠡᠰᠦᠨ ᠦ ᠨᠣᠭᠣᠭᠠᠨ ᠤ ᠵᠣᠭᠣᠷᠢ ᠪᠠᠷᠢᠬᠤ ᠪᠠᠷ ᠲᠥᠯᠥᠪᠯᠡᠵᠡᠢ᠃
ᠵᠠᠪᠬᠠᠨ ᠠᠶᠢᠮᠠᠭ ᠤᠨ ᠬᠦᠨᠡᠰᠦ᠂ ᠬᠥᠳᠡᠭᠡ ᠠᠵᠤ ᠠᠬᠤᠢ ᠶᠢᠨ ᠭᠠᠵᠠᠷ ᠤᠨ ᠳᠠᠷᠤᠭᠠ ᠡ᠊ ∙ ᠪᠠᠯᠵᠢᠨᠨᠢᠮᠠ 》ᠵᠠᠪᠬᠠᠨ ᠠᠶᠢᠮᠠᠭ ᠤᠨ ᠤᠯᠠᠭᠠᠨ ᠰᠠᠷᠮᠢᠰ ᠨᠢ ᠮᠣᠩᠭᠣᠯ ᠤᠯᠤᠰ ᠤᠨ ᠰᠢᠯᠢᠳᠡᠭ 99 ᠪᠷᠡᠨᠨ᠋᠋᠋ᠳ᠋ ᠪᠦᠲᠦᠭᠡᠭᠳᠡᠬᠦᠨ ᠦ ᠨᠢᠭᠡ᠃ 2013 ᠣᠨ ᠠᠴᠠ ᠬᠣᠶᠢᠰᠢ 《ᠵᠠᠪᠬᠠᠨ ᠠᠶᠢᠮᠠᠭ ᠤᠨ ᠤᠯᠠᠭᠠᠨ ᠰᠠᠷᠮᠢᠰᠠᠨ ᠤ ᠳᠡᠳ᠋ ᠬᠥᠲᠥᠯᠪᠦᠷᠢ》 ᠢ ᠠᠮᠵᠢᠯᠲᠠᠲᠠᠢ ᠬᠡᠷᠡᠭᠵᠢᠭᠦᠯᠵᠦ᠂ ᠦᠢᠯᠡᠳᠪᠦᠷᠢᠯᠡᠯ ᠢᠶᠡᠨ ᠥᠷᠭᠡᠵᠢᠭᠦᠯᠦᠨ ᠠᠵᠢᠯᠯᠠᠵᠤ ᠪᠠᠶᠢᠨᠠ᠃ ᠲᠥᠮᠥᠰᠥ ᠬᠦᠨᠡᠰᠦᠨ ᠦ ᠨᠣᠭᠣᠭᠠᠨ ᠤ ᠬᠤᠪᠢ ᠳᠤ ᠵᠠᠪᠬᠠᠨ ᠠᠶᠢᠮᠠᠭ ᠲᠤ ᠠᠩᠬᠠ 10 ᠭᠠᠷᠤᠢ ᠡᠷᠦᠬᠡ 《ᠡᠷᠦᠬᠡ ᠶᠢᠨ ᠲᠠᠷᠢᠶᠠᠯᠠᠩ》 ᠬᠡᠯᠪᠡᠷᠢ ᠪᠡᠷ ᠲᠥᠮᠥᠰᠥ ᠲᠠᠷᠢᠶᠠᠯᠠᠵᠤ ᠡᠬᠢᠯᠡᠭᠰᠡᠨ᠃ 2012 ᠣᠨ ᠳᠤ 680 ᠺᠢᠯᠣᠭ᠍ᠷᠠᠮ ᠲᠥᠮᠥᠰᠥ ᠬᠤᠷᠢᠶᠠᠨ ᠠᠪᠴᠤ ᠪᠠᠶᠢᠭᠰᠠᠨ ᠪᠣᠯ ᠣᠳᠣ ᠠᠶᠢᠮᠠᠭ ᠤᠨ ᠬᠡᠮᠵᠢᠶᠡᠨ ᠳᠦ 100 ᠭᠠᠷᠤᠢ ᠠᠵᠤ ᠠᠬᠤᠢ ᠨᠢᠭᠡᠴᠡ᠂ 48 ᠲᠣᠨᠨ ᠲᠥᠮᠥᠰᠥ ᠬᠤᠷᠢᠶᠠᠨ ᠠᠪᠴᠤ ᠪᠠᠶᠢᠨᠠ᠃ ᠴᠢᠨᠠᠭᠰᠢᠳᠠ ᠪᠠᠨ ᠡᠴᠦᠰ ᠦᠨ ᠪᠦᠲᠦᠭᠡᠭᠳᠡᠬᠦᠨ ᠦᠢᠯᠡᠳᠪᠦᠷᠢᠯᠡᠬᠦ ᠳᠦ ᠵᠢᠵᠢᠭ᠂ ᠳᠤᠮᠳᠠ ᠦᠢᠯᠡᠳᠪᠦᠷᠢᠯᠡᠯ ᠡᠷᠬᠢᠯᠡᠭᠴᠢ ᠢᠷᠭᠡᠳ᠂ ᠠᠵᠤ ᠠᠬᠤᠢ ᠢᠢᠨ ᠨᠢᠭᠡᠴᠡ ᠪᠠᠶᠢᠭᠤᠯᠤᠯᠭᠠ ᠪᠠᠨ ᠨᠢᠭᠡᠳᠬᠡᠬᠦ ᠪᠣᠳᠣᠯᠭᠠ ᠪᠣᠯᠪᠠᠰᠤᠷᠠᠭᠤᠯᠤᠨ ᠠᠵᠢᠯᠯᠠᠵᠤ ᠪᠠᠶᠢᠨᠠ《 ᠬᠡᠮᠡᠪᠡ᠃
ᠮᠥᠨ ᠰᠤᠮᠤ ᠤᠳ ᠲᠤ ᠬᠦᠨᠡᠰᠦᠨ ᠦ ᠠᠶᠤᠯ ᠦᠭᠡᠢ ᠪᠠᠶᠢᠳᠠᠯ ᠢ ᠬᠢᠨᠠᠳᠠᠭ ᠪᠠᠶᠢᠴᠠᠭᠠᠭᠴᠢ ᠲᠠᠢ ᠪᠣᠯᠬᠤ᠂ ᠬᠦᠨᠡᠰᠦᠨ ᠦ ᠠᠶᠤᠯ ᠦᠭᠡᠢ ᠪᠠᠶᠢᠳᠠᠯ ᠤᠨ ᠴᠢᠭᠯᠡᠯ ᠢᠶᠡᠷ ᠰᠤᠷᠤᠯᠴᠠᠬᠤ ᠣᠶᠤᠲᠠᠨ ᠨᠤᠭᠤᠳ ᠢ ᠬᠥᠩᠭᠡᠯᠡᠯᠲᠡ ᠲᠡᠢ ᠦᠨᠡ ᠪᠡᠷ ᠰᠤᠷᠭᠠᠬᠤ ᠪᠠᠷ ᠡᠨᠡ ᠬᠥᠲᠥᠯᠪᠦᠷᠢ ᠲᠦ ᠲᠤᠰᠬᠠᠵᠠᠢ᠃
ᠠᠷᠤᠬᠠᠩᠭᠠᠢ ᠠᠶᠢᠮᠠᠭ ᠲᠤ ᠰᠦ᠋ᠨ᠂ ᠰᠦᠨ ᠪᠦᠲᠦᠭᠡᠭᠳᠡᠬᠦᠨ ᠪᠣᠯᠪᠠᠰᠤᠷᠠᠭᠤᠯᠬᠤ ᠦᠢᠯᠡᠳᠪᠦᠷᠢ᠂ ᠬᠦᠯᠡᠮᠵᠢ ᠶᠢᠨ ᠠᠵᠤ ᠠᠬᠤᠢ᠂ ᠭᠠᠬᠠᠢ᠂ ᠲᠠᠬᠢᠶᠠ᠂ ᠵᠥᠭᠡᠢ ᠶᠢᠨ ᠠᠵᠤ ᠠᠬᠤᠢ ᠪᠠᠶᠢᠭᠤᠯᠤᠨᠠ
ᠬᠦᠨᠡᠰᠦ᠂ ᠬᠥᠳᠡᠭᠡ᠂ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭᠠ ᠲ ∙ ᠵᠠᠮᠪᠠᠯᠴᠡᠷᠡᠩ ᠳᠠᠪᠤᠰᠤᠨ ᠤ ᠣᠯᠪᠤᠷᠢᠯᠠᠯᠲᠠ ᠶᠢ ᠨᠡᠮᠡᠭᠳᠡᠭᠦᠯᠵᠦ ᠦᠢᠯᠡᠳᠪᠦᠷᠢᠯᠡᠯ ᠢ ᠥᠷᠭᠡᠵᠢᠭᠦᠯᠬᠦ᠂ ᠰᠦᠨ ᠦ ᠦᠢᠯᠡᠳᠪᠦᠷᠢᠯᠡᠯ ᠢ ᠬᠥᠭᠵᠢᠭᠦᠯᠬᠦ᠃ ᠭᠠᠵᠠᠷ ᠲᠠᠷᠢᠶᠠᠯᠠᠩ ᠤᠨ ᠰᠠᠯᠪᠠᠷ ᠲᠤ ᠪᠠᠨ ᠢᠯᠡᠭᠦᠦ ᠠᠩᠬᠠᠷᠤᠯ ᠬᠠᠨᠳᠤᠭᠤᠯᠬᠤ ᠶᠢ ᠣᠨᠴᠠᠯᠠᠪᠠ᠃ ᠨᠡᠭᠡᠭᠡᠯᠲᠡ ᠶᠢᠨ ᠦᠢᠯᠡ ᠠᠵᠢᠯᠯᠠᠭᠠᠨ ᠤ ᠲᠡᠭᠦᠰᠬᠡᠯ ᠳᠦ ᠤᠯᠤᠰ ᠤᠨ ᠶᠡᠬᠡ ᠬᠤᠷᠠᠯ ᠤᠨ 2022 ᠣᠨ ᠤ 》ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ ᠢ ᠬᠠᠩᠭᠠᠬᠤ ᠲᠠᠯᠠ ᠪᠠᠷ ᠠᠪᠬᠤ ᠵᠠᠷᠢᠮ ᠠᠷᠭᠠ ᠬᠡᠮᠵᠢᠶᠡᠨ ᠦ ᠲᠤᠬᠠᠢ《 36 ᠳ᠋ᠤᠭᠠᠷ ᠲᠣᠭᠲᠠᠭᠠᠯ ᠢ ᠬᠡᠷᠬᠢᠨ ᠬᠡᠷᠡᠭᠵᠢᠭᠦᠯᠬᠦ ᠲᠠᠯᠠ ᠪᠠᠷ ᠬᠡᠯᠡᠯᠴᠡᠵᠦ᠂ ᠣᠷᠣᠯᠴᠠᠭᠴᠢᠳ ᠤᠨ ᠰᠠᠨᠠᠯ ᠢ ᠠᠪᠤᠯᠠ᠃ ᠮᠥᠨ ᠬᠥᠳᠡᠭᠡ ᠠᠵᠤ ᠠᠬᠤᠢ ᠬᠥᠳᠡᠭᠡ ᠶᠢᠨ ᠬᠥᠭᠵᠢᠯ《᠂ 》ᠵᠢᠵᠢᠭ ᠳᠤᠮᠳᠠ ᠦᠢᠯᠡᠳᠪᠦᠷᠢᠯᠡᠯ ᠢ ᠳᠡᠮᠵᠢᠬᠦ᠂ ᠪᠠᠶᠢᠭᠠᠯᠢ ᠣᠷᠴᠢᠨ ᠢ ᠬᠠᠮᠠᠭᠠᠯᠠᠬᠤ《᠂ 》ᠵᠠᠬᠠ ᠵᠡᠭᠡᠯᠢ ᠪᠡᠯᠴᠢᠭᠡᠷ ᠦᠨ ᠤᠳᠤᠷᠢᠳᠤᠯᠭᠠ《 ᠲᠥᠰᠥᠯ ᠦᠳ ᠦᠨ ᠲᠠᠯᠠᠭᠠᠷᠬᠢ ᠮᠡᠳᠡᠭᠡᠯᠡᠯ᠂ ᠵᠢᠵᠢᠭ ᠳᠤᠮᠳᠠ ᠦᠢᠯᠡᠳᠪᠦᠷᠢᠯᠡᠯ᠂ ᠬᠣᠷᠰᠢᠶᠠᠨ ᠤ ᠲᠤᠬᠠᠢ ᠪᠣᠳᠣᠯᠭᠠ᠂ ᠵᠣᠷᠢᠯᠲᠠ ᠶᠢᠨ ᠲᠠᠯᠠᠭᠠᠷᠬᠢ ᠮᠡᠳᠡᠭᠡᠯᠡᠯ ᠢ ᠣᠷᠣᠯᠴᠠᠭᠴᠢᠳ ᠲᠤ ᠥᠭᠪᠡ᠃
ᠡᠶᠢᠨᠬᠦᠦ 》ᠬᠦᠨᠡᠰᠦᠨ ᠦ ᠬᠠᠩᠭᠠᠮᠵᠢ-ᠠᠶᠤᠯ ᠦᠭᠡᠢ ᠪᠠᠶᠢᠳᠠᠯ《 ᠦᠨᠳᠦᠰᠦᠨ ᠦ ᠬᠥᠳᠡᠯᠭᠡᠭᠡᠨ 21 ᠠᠶᠢᠮᠠᠭ ᠲᠤ ᠨᠡᠭᠡᠭᠡᠯᠲᠡ ᠪᠡᠨ ᠬᠢᠵᠦ ᠳᠠᠭᠤᠰᠤᠭᠰᠠᠨ ᠢᠶᠠᠷ᠂ 19 ᠨᠡᠷᠡ ᠲᠥᠷᠥᠯ ᠦᠨ ᠪᠦᠲᠦᠭᠡᠭᠳᠡᠬᠦᠨ ᠢᠶᠡᠷ ᠳᠣᠲᠣᠭᠠᠳᠤ ᠶᠢᠨ ᠬᠡᠷᠡᠭᠴᠡᠭᠡ ᠪᠡᠨ ᠪᠦᠷᠢᠨ ᠬᠠᠩᠭᠠᠬᠤ᠂ ᠴᠢᠨᠠᠭᠰᠢᠯᠠᠭᠠᠳ ᠡᠺᠰᠫᠣᠷᠲ᠋ᠯᠤᠭᠴᠢ ᠣᠷᠣᠨ ᠪᠣᠯᠬᠤ ᠶᠢᠨ ᠲᠥᠯᠥᠭᠡ ᠵᠣᠷᠢᠵᠤ ᠪᠤᠢ 》ᠬᠦᠨᠡᠰᠦᠨ ᠦ ᠬᠤᠪᠢᠰᠬᠠᠯ《 ᠤᠨ ᠡᠬᠢᠯᠡᠯ ᠣᠷᠣᠨ ᠨᠤᠲᠤᠭ ᠲᠤ ᠲᠠᠯᠪᠢᠭᠳᠠᠯᠠ᠃ ᠬᠦᠮᠦᠨ ᠠᠮᠠ ᠶᠢᠨ ᠭᠤᠷᠪᠠᠨ ᠤ ᠨᠢᠭᠡ ᠲᠥᠪᠯᠡᠷᠡᠭᠰᠡᠨ 》ᠨᠡᠶᠢᠰᠯᠡᠯ ᠬᠣᠲᠠ ᠶᠢᠨ ᠬᠦᠨᠡᠰᠦᠨ ᠦ ᠬᠠᠩᠭᠠᠮᠵᠢ᠂ ᠠᠶᠤᠯ ᠦᠭᠡᠢ ᠪᠠᠶᠢᠳᠠᠯ《 ᠦᠨᠳᠦᠰᠦᠨ ᠦ ᠬᠥᠳᠡᠯᠭᠡᠭᠡᠨ ᠦ ᠨᠡᠭᠡᠭᠡᠯᠲᠡ ᠡᠨᠡ ᠰᠠᠷᠠ ᠶᠢᠨ 16 ᠤ ᠡᠳᠦᠷ ᠰᠤᠶᠤᠯ ᠤᠨ ᠲᠥᠪ ᠥᠷᠭᠦᠭᠡᠨ ᠳᠦ ᠵᠣᠬᠢᠶᠠᠨ ᠪᠠᠶᠢᠭᠤᠯᠤᠭᠳᠠᠨᠠ᠃